ᠮᠣᠩᠭᠣᠯ ᠤᠨ ᠵᠣᠬᠢᠶᠠᠯᠴᠢᠳ ᠤᠨ ᠡᠪᠯᠡᠯ ᠡᠴᠡ ᠵᠢᠯ ᠪᠦᠷᠢ ᠵᠣᠬᠢᠶᠠᠨ ᠪᠠᠶᠢᠭᠤᠯᠳᠠᠭ ︽ᠤᠳᠬ᠎ᠠ ᠶᠢᠨ ᠴᠢᠮᠡᠭ ︾ ᠨᠠᠭᠠᠳᠤᠮ ᠡᠨᠡ ᠤᠳᠠᠭ᠎ᠠ ᠮᠣᠩᠭᠣᠯ ᠤᠨ ᠵᠣᠬᠢᠶᠠᠯᠴᠢᠳ ᠤᠨ ᠡᠪᠯᠡᠯ ᠦᠨ 90 ᠵᠢᠯ ᠦᠨ ᠣᠢ ᠶᠢᠨ ᠬᠦᠷᠢᠶᠡᠨ ᠳᠦ ᠵᠣᠬᠢᠶᠠᠨ ᠪᠠᠶᠢᠭᠤᠯᠬᠤ ᠪᠥᠭᠡᠳ ᠡᠬᠢᠨ ᠦ ᠱᠠᠲᠤᠨ ᠤ 10 ᠥᠭᠦᠯᠡᠯᠭᠡ ᠶᠢ ᠰᠢᠯᠭᠠᠷᠠᠭᠤᠯᠤᠭᠠᠳ ᠪᠠᠶᠢᠨ᠎ᠠ᠃ ᠲᠤᠬᠠᠶᠢᠯᠠᠪᠠᠯ᠂ ᠮ∙ᠤᠶᠠᠨᠰᠦ᠋ᠬᠡ᠄ ︽ᠠᠯᠲᠠᠨ ᠬᠤᠨᠳᠠᠭ᠎ᠠ︾᠂ ᠼ∙ᠭᠠᠩᠪᠣᠯᠣᠳ᠄ ︽ᠠᠷᠢᠶᠠᠲᠠᠨ︾᠂ ᠭ∙ᠳᠠᠸᠠᠰᠦ᠋ᠷᠦᠩ᠄︽ᠪᠠᠶᠢᠯᠳᠤᠭᠠᠨ ᠤ ᠮᠣᠷᠢᠳ︾᠂ ᠮ∙ᠡᠷᠳᠡᠨᠢᠪᠠᠲᠤ᠄ ︽ᠪᠠᠶᠢᠬᠤ ᠦᠭᠡᠢ ᠶᠢᠨ ᠵᠣᠪᠠᠯᠠᠩ︾᠂ ᠪ∙ᠴᠣᠣᠵᠢᠴᠢᠯᠠᠭᠤᠨᠴᠡᠴᠡᠭ᠄ ︽ᠪᠤᠯᠤᠩ ᠤᠨ ᠵᠣᠭᠰᠣᠭᠠᠯ︾᠂ ᠰ∙ᠳᠠᠮᠳᠢᠨᠳᠣᠷᠵᠢ᠄ ︽ᠭᠤᠷᠪᠠᠨ ᠬᠡᠮᠵᠢᠶᠡᠰᠦ︾᠂ ᠲ᠂ ᠪᠤᠮᠡᠷᠳᠡᠨᠢ᠄ ︽ᠣᠯᠠᠨ ᠪᠣᠯᠤᠭᠠᠷᠠᠢ︾᠂ ᠫ∙ᠪᠠᠲᠤᠬᠤᠶᠠᠭ᠄ ︽ᠰᠡᠭᠦᠯᠴᠢ ᠶᠢᠨ ᠬᠦᠰᠡᠯ︾᠂ ᠰ∙ᠣᠶᠤᠨ᠄ ︽ᠲᠩᠷᠢ ᠶᠢᠨ ᠬᠦᠦ︾᠂ ᠯ∙ᠡᠷᠳᠡᠨᠢᠪᠠᠲᠤ᠄ ︽ᠡᠬᠡ ᠣᠷᠣᠨ ᠦᠭᠡᠢ ᠬᠦᠮᠦᠨ︾ ᠥᠭᠦᠯᠡᠯᠭᠡ ᠲᠤᠰ ᠲᠤᠰ ᠰᠢᠯᠭᠠᠷᠠᠵᠠᠢ᠃ ︽ᠤᠳᠬ᠎ᠠ ᠶᠢᠨ ᠴᠢᠮᠡᠭ︾ ᠪᠣᠭᠣᠨᠢ ᠥᠭᠦᠯᠡᠯᠭᠡ ᠶᠢᠨ ᠨᠠᠭᠠᠳᠤᠮ 1990 ᠣᠨ ᠳᠤ ᠠᠩᠬ᠎ᠠ ᠤᠳᠠᠭ᠎ᠠ ᠵᠣᠬᠢᠶᠠᠨ ᠪᠠᠶᠢᠭᠤᠯᠵᠤ᠂ ᠬᠥᠳᠡᠯᠮᠦᠷᠢ ᠶᠢᠨ ᠪᠠᠭᠠᠲᠤᠷ᠂ ᠲᠥᠷᠥ ᠶᠢᠨ ᠱᠠᠩᠨᠠᠯᠲᠤ᠂ ᠰᠤᠶᠤᠯ ᠤᠨ ᠭᠠᠪᠢᠶᠠᠲᠤ ᠵᠢᠳᠬᠦᠯᠲᠡᠨ ᠯ∙ᠲᠦᠳᠦᠪ ︽ᠡᠷᠡᠬᠡᠢ ᠳᠠᠷᠤᠮ᠎ᠠ ᠵᠠᠢ︾ ᠥᠭᠦᠯᠡᠯᠭᠡ ᠪᠡᠷ ᠢᠶᠡᠨ ᠲᠡᠷᠢᠭᠦᠨ ᠪᠠᠶᠢᠷᠢ ᠳᠤ ᠰᠢᠯᠭᠠᠷᠠᠵᠤ ᠪᠠᠶᠢᠭᠰᠠᠨ ᠠᠵᠠᠢ᠃ ᠲᠤᠰ ᠨᠠᠭᠠᠳᠤᠮ ᠲᠡᠷᠡ ᠴᠠᠭ ᠠᠴᠠ ᠬᠣᠶᠢᠰᠢ ᠥᠩᠭᠡᠷᠡᠭᠰᠡᠨ 27 ᠵᠢᠯ ᠦᠨ ᠬᠤᠭᠤᠴᠠᠭᠠᠨ ᠳᠤ 21 ᠤᠳᠠᠭ᠎ᠠ ︽ᠤᠳᠬ᠎ᠠ ᠶᠢᠨ ᠴᠢᠮᠡᠭ︾ ᠨᠠᠭᠠᠳᠤᠮ ᠢ ᠵᠣᠬᠢᠶᠠᠨ ᠪᠠᠶᠢᠭᠤᠯᠵᠤ ᠰᠢᠯᠢᠳᠡᠭ ᠦᠳ ᠢᠶᠡᠨ ᠲᠣᠳᠣᠷᠠᠭᠤᠯᠵᠠᠢ᠃
ᠡᠨᠡ ᠨᠠᠭᠠᠳᠤᠮ ᠳᠤ ᠲᠦᠷᠦᠭᠦᠯᠡᠵᠦ᠂ ᠠᠶᠢᠷᠠᠭᠳᠠᠭᠰᠠᠨ ᠡᠵᠡᠳ ᠦᠨ ᠳᠣᠲᠣᠷ᠎ᠠ ᠮᠣᠩᠭᠣᠯ ᠤᠯᠤᠰ ᠤᠨ ᠠᠷᠠᠳ ᠤᠨ ᠤᠷᠠᠨ ᠵᠣᠬᠢᠶᠠᠯᠴᠢ ᠳᠥᠷᠪᠡ᠂ ᠲᠥᠷᠥ ᠶᠢᠨ ᠱᠠᠩᠨᠠᠯᠲᠤ ᠵᠣᠬᠢᠶᠠᠯᠴᠢ ᠨᠠᠢᠮᠠ᠂ ᠰᠤᠶᠤᠯ ᠤᠨ ᠭᠠᠪᠢᠶᠠᠲᠤ ᠵᠢᠳᠬᠦᠯᠲᠡᠨ 14᠂ ᠳ∙ᠨᠠᠴᠤᠭᠳᠣᠷᠵᠢ ᠶᠢᠨ ᠱᠠᠩᠨᠠᠯᠲᠤ ᠵᠣᠬᠢᠶᠠᠯᠴᠢ 12᠂ ᠪᠤᠰᠤᠳ ᠨᠢ ᠮᠣᠩᠭᠣᠯ ᠤᠨ ᠵᠣᠬᠢᠶᠠᠯᠴᠢᠳ ᠤᠨ ᠡᠪᠯᠡᠯ ᠦᠨ ᠱᠠᠩᠨᠠᠯᠲᠤ ᠵᠣᠬᠢᠶᠠᠯᠴᠢᠳ ᠪᠠᠭᠲᠠᠵᠤ ᠪᠠᠶᠢᠭ᠎ᠠ ᠨᠢ ︽ᠤᠳᠬ᠎ᠠ ᠶᠢᠨ ᠴᠢᠮᠡᠭ︾ ᠦᠨ ᠴᠢᠨᠠᠷ ᠴᠢᠨᠰᠠᠭ᠎ᠠ ᠶᠢ ᠶᠠᠮᠠᠷ ᠥᠨᠳᠥᠷ ᠪᠤᠱᠤᠭ᠎ᠠ ᠲᠠᠢ ᠭᠡᠳᠡᠭ ᠢ ᠨᠣᠲᠠᠯᠠᠵᠤ ᠪᠠᠶᠢᠨ᠎ᠠ᠃