︽1000 ᠢᠨᠵᠧᠨᠧᠷ︾ ᠤᠨ ᠨᠡᠷ᠎ᠡ ᠪᠠᠲᠤᠯᠠᠭᠳᠠᠯ᠎ᠠ | News.MN

︽1000 ᠢᠨᠵᠧᠨᠧᠷ︾ ᠤᠨ ᠨᠡᠷ᠎ᠡ ᠪᠠᠲᠤᠯᠠᠭᠳᠠᠯ᠎ᠠ

ᠮᠣᠩᠭᠣᠯ ᠤᠯᠤᠰ ᠤᠨ ᠵᠠᠰᠠᠭ ᠤᠨ ᠭᠠᠵᠠᠷ᠂ ᠪᠤᠯᠪᠠᠰᠤᠷᠠᠯ ᠰᠤᠶᠤᠯ ᠰᠢᠨᠵᠢᠯᠡᠬᠦ ᠤᠬᠠᠭᠠᠨ ᠰᠫᠤᠷᠲ ᠤᠨ ᠶᠠᠮᠤᠨ᠂ ᠶᠠᠫᠣᠨ ᠤ ᠣᠯᠠᠨ ᠤᠯᠤᠰ ᠤᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠ ︵Japan International Cooperation Agency︶ ᠲᠠᠢ ᠬᠠᠮᠲᠤᠷᠠᠨ ᠬᠡᠷᠡᠭᠵᠢᠭᠦᠯᠵᠦ ᠪᠠᠶᠢᠭ᠎ᠠ ︽ᠢᠨᠵᠧᠨᠧᠷ ᠲᠧᠭᠨᠣᠯᠣᠭᠢ ᠶᠢᠨ ᠳᠡᠭᠡᠳᠦ ᠪᠣᠯᠪᠠᠰᠤᠷᠠᠯ︾ ᠲᠥᠰᠥᠯ ᠦᠨ ᠤᠳᠤᠷᠢᠳᠬᠤ ᠬᠣᠷᠢᠶᠠᠨ ᠤ 25 ᠳ᠋ᠤᠭᠠᠷ ᠬᠤᠷᠠᠯ ᠥᠨᠥᠳᠥᠷ ᠪᠤᠯᠪᠠᠰᠤᠷᠠᠯ ᠰᠤᠶᠤᠯ ᠰᠢᠨᠵᠢᠯᠡᠬᠦ ᠤᠬᠠᠭᠠᠨ ᠰᠫᠤᠷᠲ ᠤᠨ ᠶᠠᠮᠤᠨ ᠳᠦ ᠪᠣᠯᠤᠯ᠎ᠠ᠃ ᠡᠨᠡ ᠤᠳᠠᠭ᠎ᠠ ᠶᠢᠨ ᠬᠤᠷᠠᠯ ᠢᠶᠠᠷ ᠺᠤᠤᠰᠠᠨ᠂ ᠪᠠᠺᠠᠯᠠᠸᠠᠷ ᠤᠨ ᠬᠠᠮᠲᠤᠷᠠᠭᠰᠠᠨ ᠬᠥᠲᠥᠯᠪᠦᠷᠢ ᠳᠦ 2019 ᠣᠨ ᠤ ᠳᠥᠷᠪᠡᠳᠦᠭᠡᠷ ᠰᠠᠷ᠎ᠠ ᠠᠴᠠ ᠡᠬᠢᠯᠡᠨ ᠶᠠᠫᠣᠨ ᠤᠯᠤᠰ ᠲᠤ ᠰᠤᠷᠤᠯᠴᠠᠬᠤ ᠣᠶᠤᠲᠠᠨ ᠨᠤᠭᠤᠳ ᠤᠨ ᠨᠡᠷ᠎ᠡ᠂ 2019 ᠣᠨ ᠤ ᠡᠬᠢᠨ ᠦ ᠬᠠᠭᠠᠰ ᠲᠤ ᠵᠡᠷᠭᠡ ᠶᠢᠨ ᠪᠤᠰᠤ ᠬᠥᠲᠥᠯᠪᠦᠷᠢ ᠪᠣᠯᠤᠨ ᠵᠣᠴᠢᠨ ᠰᠤᠳᠤᠯᠤᠭᠠᠴᠢ ᠬᠥᠲᠥᠯᠪᠦᠷᠢ ᠳᠦ ᠬᠠᠮᠤᠷᠤᠭᠳᠠᠬᠤ ᠪᠠᠭᠰᠢ᠂ ᠰᠤᠳᠤᠯᠤᠭᠠᠴᠢᠳ ᠤᠨ ᠨᠡᠷ᠎ᠡ ᠶᠢ ᠪᠠᠲᠤᠯᠠᠯ᠎ᠠ᠃  ᠺᠤᠤᠰᠠᠨ ᠬᠥᠲᠥᠯᠪᠦᠷᠢ ᠳᠦ 34 ᠣᠶᠤᠲᠠᠨ ᠰᠢᠯᠭᠠᠯᠲᠠ ᠥᠭᠭᠦᠭᠰᠡᠨ ᠡᠴᠡ 30 ᠣᠶᠤᠲᠠᠨ᠂ ᠪᠠᠺᠯᠠᠸᠠᠷ ᠤᠨ ᠬᠠᠮᠲᠤᠷᠠᠭᠰᠠᠨ ᠬᠥᠲᠥᠯᠪᠦᠷᠢ ᠳᠦ 75 ᠣᠶᠤᠲᠠᠨ ᠰᠢᠯᠭᠠᠯᠲᠠ ᠥᠭᠭᠦᠭᠰᠡᠨ ᠡᠴᠡ 51 ᠣᠶᠤᠲᠠᠨ ᠲᠡᠩᠴᠡᠯ᠎ᠡ᠃ ᠰᠢᠯᠭᠠᠯᠲᠠ ᠳᠤ ᠲᠡᠩᠴᠡᠵᠦ ᠶᠠᠫᠣᠨ ᠤᠯᠤᠰ ᠲᠤ ᠰᠤᠷᠤᠯᠴᠠᠬᠤ ᠪᠣᠯᠤᠭᠰᠠᠨ ᠡᠳᠡᠭᠡᠷ ᠣᠶᠤᠲᠠᠨ ᠤ ᠨᠡᠷ᠎ᠡ ᠶᠢ ᠪᠠᠲᠤᠯᠠᠯ᠎ᠠ᠃
ᠮᠥᠨ ︽ᠣᠶᠤᠲᠠᠨ ᠢ ᠳᠡᠪᠰᠢᠨ ᠰᠤᠷᠤᠯᠴᠠᠬᠤ᠂ ᠳᠠᠳᠤᠯᠭ᠎ᠠ ᠬᠢᠬᠦ ᠳᠦ ᠵᠥᠪᠰᠢᠶᠡᠷᠡᠯ ᠣᠯᠭᠣᠬᠤ ᠵᠢᠷᠤᠮ︾ ᠍ ᠳᠦ ᠨᠡᠮᠡᠯᠲᠡ ᠥᠭᠡᠷᠡᠴᠢᠯᠡᠯᠲᠡ ᠤᠷᠤᠭᠤᠯᠵᠤ ᠂ ︽ᠺᠤᠤᠰᠠᠨ ᠬᠥᠲᠥᠯᠪᠦᠷᠢ ᠳᠦ ᠰᠤᠷᠤᠯᠴᠠᠵᠤ ᠪᠤᠢ ᠣᠶᠤᠲᠠᠨ ᠲᠤᠬᠠᠢ ᠶᠢᠨ  ᠺᠤᠤᠰᠠᠨ ᠰᠤᠷᠭᠠᠭᠤᠯᠢ ᠶᠢᠨ ᠬᠠᠷᠢᠶ᠎ᠠ ᠶᠠᠫᠣᠨ ᠤᠯᠤᠰ ᠤᠨ ᠦᠢᠯᠡᠳᠪᠦᠷᠢ ᠠᠵᠤ ᠠᠬᠤᠢ ᠶᠢᠨ ᠭᠠᠵᠠᠷ ᠲᠤ ᠳᠠᠳᠤᠯᠭ᠎ᠠ ᠬᠢᠨ᠎ᠡ ︾ ᠭᠡᠰᠡᠨ ᠵᠢᠭᠠᠯᠲᠠ ᠪᠠᠶᠢᠭᠰᠠᠨ ᠢ ᠬᠦᠷᠢᠶ᠎ᠡ ᠶᠢ ᠨᠢ ᠥᠷᠭᠡᠳᠬᠡᠵᠦ ︽ᠶᠠᠫᠣᠨ ᠤ ᠦᠨᠳᠦᠰᠦᠨ ᠦ ᠲᠧᠭᠨᠣᠯᠣᠭᠢ ᠶᠢᠨ ᠬᠦᠷᠢᠶᠡᠯᠡᠩ ᠲᠡᠢ ᠬᠠᠮᠲᠤᠷᠠᠨ ᠠᠵᠢᠯᠯᠠᠳᠠᠭ ᠶᠠᠫᠣᠨ ᠤᠯᠤᠰ ᠤᠨ ᠦᠢᠯᠡᠳᠪᠦᠷᠢ ᠠᠵᠤ ᠠᠬᠤᠢ ᠶᠢᠨ ᠭᠠᠵᠠᠷ ᠲᠤ ᠳᠠᠳᠤᠯᠭ᠎ᠠ ᠬᠢᠨ᠎ᠡ︾ ᠬᠡᠮᠡᠨ ᠥᠭᠡᠷᠡᠴᠢᠯᠡᠯ᠎ᠡ᠃  ᠺᠤᠤᠰᠠᠨ ᠪᠣᠯᠤᠨ ᠪᠠᠺᠯᠠᠸᠠᠷ ᠤᠨ ᠬᠠᠮᠲᠤᠷᠠᠭᠰᠠᠨ ᠬᠥᠲᠥᠯᠪᠦᠷᠢ ᠶᠢᠨ ᠣᠶᠤᠲᠠᠨ ᠤ ᠰᠤᠷᠤᠯᠭ᠎ᠠ ᠶᠢᠨ ᠦᠨᠡᠯᠡᠭᠡ ᠨᠢ ᠨᠡᠶᠢᠲᠡ ᠠᠪᠬᠤ ᠶᠣᠰᠣᠲᠠᠢ ᠦᠨᠡᠯᠡᠭᠡᠨ ᠦ 90 ᠬᠤᠪᠢ ᠠᠴᠠ ᠳᠡᠭᠡᠭᠰᠢ ᠪᠠᠶᠢᠬᠤ ᠭᠡᠰᠡᠨ ᠵᠢᠭᠠᠯᠲᠠ ᠶᠢ 80 ᠬᠤᠪᠢ ᠪᠠ ᠲᠡᠭᠦᠨ ᠡᠴᠡ ᠳᠡᠭᠡᠭᠰᠢ ᠬᠡᠮᠡᠨ ᠥᠭᠡᠷᠡᠴᠢᠯᠡᠯ᠎ᠡ᠃ ᠢᠩᠭᠢᠪᠡᠯ  ᠳ᠋ᠦᠩ ᠥᠨᠳᠥᠷ ᠲᠡᠢ ᠰᠤᠷᠤᠯᠴᠠᠭᠰᠠᠨ ᠢᠯᠡᠭᠦᠦ ᠣᠯᠠᠨ ᠣᠶᠤᠲᠠᠨ ᠳᠤ ᠬᠥᠲᠥᠯᠪᠦᠷᠢ ᠶᠢᠨ ᠳᠠᠷᠠᠭᠠᠬᠢ ᠰᠤᠷᠭᠠᠯᠲᠠ᠂ ᠳᠠᠳᠤᠯᠭ᠎ᠠ ᠠᠵᠢᠯ ᠳᠤ ᠳᠠᠪᠠᠭᠤ ᠪᠣᠯᠤᠮᠵᠢ ᠣᠯᠭᠤᠵᠤ ᠪᠠᠶᠢᠨ᠎ᠠ ᠭᠡᠰᠡᠨ ᠦᠭᠡ᠃

ᠰᠡᠳᠬᠢᠭᠳᠡᠯ ᠦᠯᠡᠳᠡᠭᠡᠬᠦ