ᠰᠠᠶᠢᠳ ᠤᠨ ᠠᠵᠢᠯ ᠢᠶᠠᠨ ᠬᠤᠷᠳᠤᠨ ᠥᠭᠭᠦᠮᠡᠷ ᠪᠠᠶᠢᠨ᠎ᠠ | News.MN

ᠰᠠᠶᠢᠳ ᠤᠨ ᠠᠵᠢᠯ ᠢᠶᠠᠨ ᠬᠤᠷᠳᠤᠨ ᠥᠭᠭᠦᠮᠡᠷ ᠪᠠᠶᠢᠨ᠎ᠠ

ᠤᠯᠤᠰ ᠤᠨ ᠶᠡᠬᠡ ᠬᠤᠷᠠᠯ ᠤᠨ ᠭᠡᠰᠢᠭᠦᠨ ᠼ∙ᠴᠣᠭᠵᠢᠯᠮ᠎ᠠ ᠠᠴᠠ ᠴᠠᠭ ᠦᠶ᠎ᠡ ᠶᠢᠨ ᠠᠰᠠᠭᠤᠳᠠᠯ ᠢᠶᠠᠷ ᠲᠣᠳᠣᠷᠠᠭᠤᠯᠭ᠎ᠠ ᠠᠪᠤᠯ᠎ᠠ᠃
– ᠤᠯᠤᠰ ᠤᠨ ᠶᠡᠬᠡ ᠬᠤᠷᠠᠯ ᠤᠨ ᠨᠡᠷ᠎ᠡ ᠪᠦᠬᠦᠢ ᠭᠡᠰᠢᠭᠦᠳ ᠪᠣᠢᠺᠣᠲ ᠵᠠᠷᠯᠠᠭᠰᠠᠨ ᠢᠶᠠᠷ ᠴᠢᠭᠤᠯᠭᠠᠨ ᠤ ᠦᠢᠯᠡ ᠠᠵᠢᠯᠯᠠᠭ᠎ᠠ ᠭᠠᠴᠢᠭᠠᠳ ᠪᠠᠶᠢᠨ᠎ᠠ᠃ ᠣᠯᠠᠨ ᠤᠯᠤᠰ ᠲᠤ ᠰᠥᠷᠭᠦ ᠬᠦᠴᠦᠨ ᠨᠢ ᠲᠣᠳᠣᠷᠬᠠᠢ ᠪᠣᠳᠣᠯᠭ᠎ᠠ ᠶᠢᠨ ᠠᠰᠠᠭᠤᠳᠠᠯ ᠳᠡᠭᠡᠷ᠎ᠡ ᠪᠣᠢᠺᠣᠲ ᠬᠢᠳᠡᠭ ᠪᠠᠶᠢᠬᠤ ᠳᠤ ᠮᠠᠨ ᠤ ᠬᠢ ᠶᠠᠮᠠᠷ ᠴᠤ ᠰᠢᠯᠲᠠᠭᠠᠨ ᠦᠭᠡᠢ ᠪᠡᠷ ᠬᠢᠯ᠎ᠡ ᠭᠡᠵᠦ ᠬᠠᠤᠯᠢᠴᠢᠳ ᠰᠢᠭᠦᠮᠵᠢᠯᠡᠵᠦ ᠪᠠᠶᠢᠭ᠎ᠠ᠃ ᠲᠠ ᠡᠭᠦᠨ ᠢ ᠬᠡᠷᠬᠢᠨ ᠬᠠᠷᠠᠵᠤ ᠪᠠᠶᠢᠨ᠎ᠠ︖
– ᠮᠣᠩᠭᠣᠯ ᠤᠯᠤᠰ ᠠᠷᠠᠳᠴᠢᠯᠠᠯ ᠤᠨ ᠦᠨᠡᠲᠦ ᠵᠦᠢᠯᠡᠰ ᠢ ᠨᠡᠶᠢᠭᠡᠮ ᠳᠦ ᠪᠡᠨ ᠬᠦᠯᠢᠶᠡᠨ ᠵᠥᠪᠰᠢᠶᠡᠷᠡᠭᠡᠳ᠂ ᠬᠦᠮᠦᠯᠢᠭ ᠠᠷᠠᠳᠴᠢᠯᠠᠭᠰᠠᠨ ᠨᠡᠶᠢᠭᠡᠮ ᠪᠠᠶᠢᠭᠤᠯᠤᠨ᠎ᠠ ᠭᠡᠵᠦ ᠵᠠᠷᠯᠠᠭᠠᠳ 30 ᠵᠢᠯ ᠢ ᠠᠷᠤ ᠳᠤ ᠪᠠᠨ ᠣᠷᠬᠢᠴᠢᠬᠠᠯ᠎ᠠ᠃ ᠠᠯᠢᠪᠠ ᠣᠷᠣᠨ ᠤ ᠫᠠᠷᠯᠠᠮᠧᠨᠲ ᠤᠨ ᠲᠥᠯᠦᠪᠰᠢᠯ ᠨᠢ ᠨᠠᠮ ᠤᠳ ᠤᠨ ᠲᠥᠯᠦᠪᠰᠢᠯ ᠳᠦ ᠴᠢᠬᠤᠯᠠ ᠡᠭᠦᠷᠭᠡ ᠲᠡᠢ᠃ ᠤᠯᠤᠰ ᠲᠥᠷᠥ ᠶᠢᠨ ᠨᠠᠮ ᠤᠳ ᠴᠤ ᠪᠠᠰᠠ ᠫᠠᠷᠯᠠᠮᠧᠨᠲ ᠤᠨ ᠲᠥᠯᠦᠪᠰᠢᠯ ᠳᠦ ᠨᠥᠯᠦᠭᠡᠯᠡᠳᠡᠭ᠃ ᠬᠠᠷᠢᠯᠴᠠᠨ ᠤᠶᠠᠯᠳᠤᠭ᠎ᠠ ᠲᠠᠢ ᠣᠶᠢᠯᠠᠭᠠᠯᠲᠠ ᠶᠤᠮ᠃ ᠪᠢᠳᠡ ᠫᠠᠷᠯᠠᠮᠧᠨᠲ ᠤᠨ ᠵᠠᠰᠠᠭᠯᠠᠯ ᠢᠶᠠᠨ ᠡᠭᠦᠨ ᠡᠴᠡ ᠬᠣᠶᠢᠰᠢ ᠤᠯᠠᠮ ᠪᠦᠷ ᠲᠡᠭᠦᠯᠳᠡᠷᠵᠢᠭᠦᠯᠬᠦ ᠶᠣᠰᠣᠲᠠᠢ᠃ ᠭᠡᠲᠡᠯ᠎ᠡ ᠡᠰᠡᠷᠭᠦ ᠪᠡᠷ ᠢᠶᠡᠨ ᠶᠠᠪᠤᠭᠠᠳ ᠪᠠᠶᠢᠭ᠎ᠠ ᠨᠢ ᠬᠠᠷᠠᠮᠰᠠᠯ ᠲᠠᠢ᠃
– ᠲᠠᠨ ᠢ ᠰᠠᠶᠢᠳ ᠠᠴᠠ ᠴᠢᠯᠦᠭᠡᠯᠡᠬᠦ ᠠᠰᠠᠭᠤᠳᠠᠯ ᠢ ᠪᠠᠶᠢᠩᠭᠤ ᠶᠢᠨ ᠬᠣᠷᠢᠶ᠎ᠠ ᠪᠠᠷ ᠬᠡᠯᠡᠯᠴᠡᠭᠰᠡᠨ ᠴᠤ ᠴᠢᠭᠤᠯᠭᠠᠨ ᠢᠶᠠᠷ ᠡᠴᠦᠰᠯᠡᠨ ᠰᠢᠢᠳᠦᠭᠡ ᠦᠭᠡᠢ ᠪᠠᠶᠢᠭ᠎ᠠ᠃ ᠲᠠ ᠰᠠᠶᠢᠳ ᠤᠨ ᠠᠯᠪᠠᠨ ᠡᠭᠦᠷᠭᠡ ᠪᠡᠨ ᠬᠡᠪ ᠦᠨ ᠭᠦᠢᠴᠡᠳᠭᠡᠵᠦ ᠪᠠᠶᠢᠭ᠎ᠠ ᠤᠤ︖
– ᠪᠢ ᠰᠡᠭᠦᠯ ᠦᠨ ᠨᠢᠭᠡ ᠰᠠᠷ᠎ᠠ ᠮᠠᠰᠢ ᠬᠦᠨᠳᠦ ᠪᠠᠶᠢᠳᠠᠯ ᠳᠤ ᠠᠵᠢᠯᠯᠠᠵᠤ ᠪᠠᠶᠢᠨ᠎ᠠ᠃ ᠠᠵᠢᠯ ᠢᠶᠠᠨ ᠥᠭᠭᠦᠨ᠎ᠡ ᠭᠡᠳ ᠬᠡᠯᠡᠴᠢᠬᠡᠭᠰᠡᠨ ᠃ ᠠᠵᠢᠯ ᠢᠶᠠᠨ ᠥᠭᠭᠦᠨ᠎ᠡ ᠭᠡᠴᠢᠬᠡᠭᠡᠳ ᠶᠠᠮᠤᠨ ᠳᠡᠭᠡᠷ᠎ᠡ ᠪᠡᠨ ᠣᠴᠢᠭᠠᠳ ᠰᠠᠭᠤᠭᠠᠳ ᠪᠠᠶᠢᠬᠤ ᠬᠡᠴᠡᠭᠦᠦ᠃ ᠶᠡᠷᠦ ᠨᠢ ᠬᠦᠮᠦᠨ ᠢ ᠶᠤᠰᠤ ᠵᠦᠢ ᠤᠳᠤᠷᠢᠳᠳᠠᠭ᠃ ᠲᠡᠶᠢᠮᠦ ᠪᠣᠯᠬᠣᠷ ᠡᠳᠦᠷ ᠲᠦ ᠬᠢᠬᠦ ᠶᠣᠰᠣᠲᠠᠢ ᠰᠠᠶᠢᠳ ᠤᠨ ᠠᠵᠢᠯ ᠤᠳ ᠢᠶᠠᠨ ᠲᠠᠰᠤᠯᠬᠤ ᠦᠭᠡᠢ ᠬᠢᠭᠡᠳ ᠯᠠ ᠶᠠᠪᠤᠵᠤ ᠪᠠᠶᠢᠨ᠎ᠠ᠃ ᠴᠢᠭᠤᠯᠭᠠᠨ ᠢᠶᠠᠷ ᠣᠷᠣᠭᠠᠳ ᠯᠠ ᠴᠢᠯᠦᠭᠡᠯᠡᠭᠳᠡᠬᠦ ᠤᠴᠢᠷ ᠠᠴᠠ ᠬᠤᠭᠤᠴᠠᠭ᠎ᠠ ᠪᠠᠨ ᠬᠦᠯᠢᠶᠡᠭᠡᠳ ᠯᠠ ᠰᠠᠭᠤᠵᠤ ᠪᠠᠶᠢᠨ᠎ᠠ᠃ ᠤᠭ ᠨᠢ ᠰᠠᠶᠢᠳ ᠤᠨ ᠠᠵᠢᠯ ᠢᠶᠠᠨ ᠬᠤᠷᠳᠤᠨ ᠥᠭᠭᠦᠮᠡᠷ ᠪᠠᠶᠢᠨ᠎ᠠ᠃ ᠮᠠᠨ ᠤ ᠰᠠᠯᠪᠤᠷᠢ ᠮᠠᠰᠢ ᠲᠣᠮᠣ᠂ ᠳᠠᠷᠠᠭᠠᠴᠢ ᠶᠢᠨ ᠬᠦᠮᠦᠨ ᠨᠢ ᠢᠷᠡᠭᠡᠳ ᠠᠵᠢᠯᠯᠠᠬᠤ ᠬᠡᠷᠡᠭᠲᠡᠢ᠃ ᠪᠢ ᠬᠡᠳᠦᠢ ᠪᠡᠷ ᠠᠵᠢᠯ ᠢᠶᠠᠨ ᠥᠭᠭᠦᠶ᠎ᠡ ᠭᠡᠳ᠂ ᠬᠤᠭᠤᠴᠠᠭ᠎ᠠ ᠪᠠᠨ ᠬᠦᠯᠢᠶᠡᠵᠦ ᠪᠠᠶᠢᠭ᠎ᠠ ᠴᠤ ᠢᠷᠡᠬᠦ ᠵᠢᠯ ᠦᠳ ᠲᠦ ᠶᠠᠪᠤᠭᠳᠠᠬᠤ ᠲᠣᠮᠣᠬᠠᠨ ᠪᠦᠲᠦᠭᠡᠨ ᠪᠠᠶᠢᠭᠤᠯᠤᠯᠲᠠ ᠶᠢᠨ ᠠᠵᠢᠯ ᠤᠳ ᠢᠶᠠᠨ ᠬᠦᠷᠲᠡᠯ᠎ᠡ ᠠᠩᠬᠠᠷᠤᠭᠠᠳ᠂ ᠬᠠᠭᠠᠰ ᠪᠦᠲᠦᠨ ᠰᠠᠶᠢᠨ ᠦᠭᠡᠢ ᠠᠵᠢᠯᠯᠠᠵᠤ ᠪᠠᠶᠢᠨ᠎ᠠ᠃
– ᠲᠠᠨ ᠢ ᠮᠤᠩᠭᠤᠯ ᠠᠷᠠᠳ ᠤᠨ ᠨᠠᠮ ᠤᠨ ᠪᠠᠭ᠎ᠠ ᠬᠤᠷᠠᠯ ᠤᠨ ᠭᠡᠰᠢᠭᠦᠨ ᠡᠴᠡ ᠴᠢᠯᠦᠭᠡᠯᠡᠨ᠎ᠡ ᠭᠡᠰᠡᠨ ᠮᠡᠳᠡᠭᠡᠯᠡᠯ ᠰᠠᠴᠤᠭᠳᠠᠭᠰᠠᠨ᠃ ᠡᠨᠡ ᠬᠢᠷᠢ ᠪᠤᠳᠠᠲᠠᠢ ᠮᠡᠳᠡᠭᠡᠯᠡᠯ ᠪᠠᠶᠢᠭᠰᠠᠨ ᠶᠤᠮ ᠪᠣᠯ ︖
– ᠮᠤᠩᠭᠤᠯ ᠠᠷᠠᠳ ᠤᠨ ᠨᠠᠮ᠍ ᠤᠨ ᠪᠠᠭ᠎ᠠ ᠬᠤᠷᠠᠯ ᠤᠨ ᠭᠡᠰᠢᠭᠦᠨ ᠡᠴᠡ ᠬᠠᠰᠤᠬᠤ ᠨᠡᠷᠡᠰ ᠳᠣᠲᠣᠷ᠎ᠠ ᠨᠠᠮᠠᠶᠢ ᠪᠠᠭᠲᠠᠵᠤ ᠪᠠᠶᠢᠭ᠎ᠠ ᠭᠡᠰᠡᠨ ᠮᠡᠳᠡᠭᠡᠯᠡᠯ ᠨᠡᠯᠢᠶᠡᠳ ᠡᠷᠲᠡᠨ ᠡᠴᠡ ᠭᠠᠷᠤᠭᠰᠠᠨ᠃ ᠪᠢ ᠨᠠᠮ ᠳᠤ ᠪᠠᠨ 36 ᠵᠢᠯ ᠵᠢᠳᠬᠦᠵᠦ ᠪᠠᠶᠢᠨ᠎ᠠ᠃ ᠠᠩᠬᠠᠨ ᠱᠠᠲᠤᠨ ᠠᠴᠠ ᠨᠢ ᠡᠬᠢᠯᠡᠭᠦᠯᠦᠭᠡᠳ ᠯᠠ ᠵᠢᠳᠬᠦᠭᠰᠡᠨ᠃ ᠶᠠᠭᠠᠬᠢᠬᠤᠪ᠂ ᠤᠯᠤᠰ ᠲᠥᠷᠥ ᠶᠢᠨ ᠰᠢᠢᠳᠪᠦᠷᠢ ᠭᠠᠷᠴᠤ᠂ ᠪᠠᠭ᠎ᠠ ᠬᠤᠷᠠᠯ ᠤᠨ ᠭᠡᠰᠢᠭᠦᠨ ᠡᠴᠡ ᠬᠠᠰᠤᠵᠤ ᠪᠣᠯᠤᠨ᠎ᠠ᠃ ᠭᠡᠬᠦ ᠳᠦ ᠪᠡᠨ ᠡᠨᠡ ᠨᠢ ᠬᠤᠪᠢ ᠬᠦᠮᠦᠨ ᠦ ᠳᠣᠲᠣᠭᠠᠳᠤ ᠢᠲᠡᠭᠡᠯ ᠦᠨᠡᠮᠰᠢᠯ ᠳᠦ ᠨᠥᠯᠦᠭᠡᠯᠡᠵᠦ ᠴᠢᠳᠠᠬᠤ ᠦᠭᠡᠢ ᠯᠠ ᠭᠡᠵᠦ ᠪᠢ ᠬᠠᠷᠠᠵᠤ ᠪᠠᠶᠢᠭ᠎ᠠ᠃ ᠭᠠᠷᠤᠭᠰᠠᠨ ᠨᠢᠭᠡ ᠡᠳᠦᠷ ᠪᠠᠶᠢᠬᠤ ᠳᠤ ᠰᠡᠷᠭᠦᠭᠡᠬᠦ ᠨᠢᠭᠡ ᠡᠳᠦᠷ ᠪᠠᠶᠢᠵᠤ ᠯᠠ ᠲᠠᠭᠠᠷᠠᠭ᠎ᠠ᠃

ᠰᠡᠳᠬᠢᠭᠳᠡᠯ ᠦᠯᠡᠳᠡᠭᠡᠬᠦ