ᠤᠯᠤᠰ ᠤᠨ ᠠᠪᠤᠷᠭᠤ ᠳᠡᠯᠡᠬᠡᠢ ᠶᠢᠨ ᠠᠪᠤᠷᠭᠤ ᠳᠤ ᠵᠤᠳᠤᠭᠯᠠᠨ᠎ᠠ | News.MN

ᠤᠯᠤᠰ ᠤᠨ ᠠᠪᠤᠷᠭᠤ ᠳᠡᠯᠡᠬᠡᠢ ᠶᠢᠨ ᠠᠪᠤᠷᠭᠤ ᠳᠤ ᠵᠤᠳᠤᠭᠯᠠᠨ᠎ᠠ

ᠮᠣᠩᠭᠣᠯ ᠤᠨ ᠴᠢᠯᠦᠭᠡᠲᠦ ᠪᠥᠬᠡ ᠶᠢᠨ ᠬᠣᠯᠪᠣᠭᠠᠨ ᠠᠴᠠ ᠵᠣᠬᠢᠶᠠᠨ ᠪᠠᠶᠢᠭᠤᠯᠤᠭᠰᠠᠨ ᠳᠠᠰᠬᠠᠯᠵᠢᠭᠤᠯᠤᠭᠴᠢᠳ ᠤᠨ ᠥᠷᠭᠡᠳᠬᠡᠭᠰᠡᠨ ᠬᠤᠷᠠᠯ ᠥᠨᠥᠳᠥᠷ ︵2018.12.24︶ ᠮᠣᠩᠭᠣᠯ ᠤᠨ ᠦᠨᠳᠦᠰᠦᠨ ᠦ ᠤᠯᠢᠮᠫᠢᠺ ᠤᠨ ᠬᠣᠷᠢᠶᠠᠨ ᠤ ᠪᠠᠶᠢᠷᠢᠨ ᠳᠤ ᠪᠣᠯᠤᠯ᠎ᠠ᠃ ᠤᠭ ᠬᠤᠷᠠᠯ ᠳᠤ᠂ ᠪ∙ᠪᠠᠲᠤᠲᠤᠯᠭ᠎ᠠ᠂ ᠠ᠊∙ ᠼᠡᠳᠡᠨᠰᠤᠳᠨᠠᠮ᠂ ᠼ∙ᠪᠠᠶᠠᠷᠰᠠᠶᠢᠬᠠᠨ᠂ ᠪ∙ᠪᠠᠲᠤᠽᠣᠷᠢᠭ᠂ ᠥ᠊∙ᠤᠤᠭᠠᠨᠪᠠᠶᠠᠷ᠂ ᠠ᠊∙ᠡᠩᠬᠡ᠂ ᠼ∙ᠬᠣᠣᠰᠪᠠᠶᠠᠷ᠂ ᠽ∙ᠳ᠋ᠦᠪᠴᠢᠨ᠂ ᠣ᠊∙ᠫᠦᠷᠪᠦᠪᠠᠭᠠᠲᠤᠷ᠂ ᠪ∙ᠪᠠᠶᠠᠷ᠂ ᠲ∙ᠰᠦᠬᠡᠪᠠᠭᠠᠲᠤᠷ᠂ ᠼ∙ᠭᠠᠩᠲᠡᠭᠦᠰ᠂ ᠶᠣ᠊∙ᠪᠠᠲᠤ-ᠳᠠᠷᠬᠠᠨ᠂ ᠲ∙ᠡᠩᠬᠡᠲᠤᠶᠠᠭ᠎ᠠ᠂ ᠪ∙ᠢᠳᠡᠷᠰᠠᠶᠢᠬᠠᠨ᠂ ᠵ∙ᠳᠠᠨᠳᠠᠷ᠂ ᠳ∙ᠭᠣᠮᠪᠣᠳᠣᠷᠵᠢ᠂ ᠰ∙ᠮᠥᠩᠬᠡ-ᠳᠤᠭᠤᠯᠳᠠᠬᠤ᠂ ᠫ∙ᠴᠢᠯᠠᠭᠤᠨᠪᠠᠭᠠᠲᠤᠷ᠂ ᠱ∙ ᠪᠠᠶᠠᠨᠮᠦ᠋ᠩᠬᠡ ᠨᠠᠷ ᠤᠨ ᠳᠠᠰᠬᠠᠯᠵᠢᠭᠤᠯᠤᠭᠴᠢ ᠤᠷᠢᠭᠳᠠᠵᠤ ᠣᠷᠣᠯᠴᠠᠭᠰᠠᠨ ᠶᠤᠮ᠃
ᠲᠤᠰ ᠬᠤᠷᠠᠯ ᠢᠶᠠᠷ 2019 ᠣᠨ ᠤ ᠵᠢᠷᠭᠤᠳᠤᠭᠠᠷ ᠰᠠᠷ᠎ᠠ ᠳᠤ ᠪᠣᠯᠬᠤ ᠨᠠᠰᠤᠨ ᠳᠤ ᠬᠦᠷᠦᠭᠰᠡᠳ ᠦᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠡᠷᠡᠭᠲᠡᠢ ᠡᠮᠡᠭᠲᠡᠢ ᠵᠢᠩ ᠲᠤᠰ ᠪᠦᠷᠢ ᠳᠦ ᠲᠦᠷᠦᠭᠦᠯᠡᠭᠰᠡᠨ ᠪᠥᠬᠡ ᠶᠢ ᠢᠷᠡᠬᠦ ᠵᠢᠯ ᠦᠨ ᠨᠠᠮᠤᠷ ︵2018.09.19-20︶ ᠬᠠᠰᠠᠺᠰᠲ᠋ᠠᠨ ᠤᠯᠤᠰ ᠤᠨ ᠠᠰᠲ᠋ᠠᠨᠠ ᠬᠣᠲᠠᠳ ᠪᠣᠯᠬᠤ ᠨᠠᠰᠤᠨ ᠳᠤ ᠬᠦᠷᠦᠭᠰᠡᠳ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠡᠬᠡ ᠣᠷᠣᠨ ᠢᠶᠠᠨ ᠲᠥᠯᠦᠭᠡᠯᠡᠭᠦᠯᠦᠨ ᠵᠣᠳᠣᠭᠯᠠᠬᠤ ᠡᠷᠬᠡ ᠶᠢ ᠣᠯᠭᠤᠬᠤ ᠪᠠᠷ ᠪᠣᠯᠤᠯ᠎ᠠ᠃ ᠡᠯ᠎ᠡ ᠰᠢᠢᠳᠪᠦᠷᠢ ᠨᠢ ᠢᠷᠡᠬᠦ ᠣᠨ ᠤ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠥᠷᠢᠰᠦᠯᠳᠦᠭᠡᠨ ᠢ ᠤᠯᠠᠮ ᠰᠢᠷᠦᠭᠦᠨ ᠪᠤᠯᠭᠠᠬᠤ  ᠶᠤᠮ᠃
ᠮᠣᠩᠭᠣᠯ ᠤᠨ ᠴᠢᠯᠦᠭᠡᠲᠦ ᠪᠥᠬᠡ ᠶᠢᠨ ᠬᠣᠯᠪᠣᠭ᠎ᠠ ᠰᠡᠭᠦᠯ ᠦᠨ ᠬᠣᠶᠠᠷ ᠵᠢᠯ ᠳᠦ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠡᠬᠡ ᠣᠷᠣᠨ ᠢᠶᠠᠨ ᠲᠥᠯᠥᠭᠡᠯᠡᠨ ᠪᠠᠷᠢᠯᠳᠤᠬᠤ ᠲᠠᠮᠢᠷᠴᠢᠳ ᠢ ᠰᠣᠷᠢᠯᠭ᠎ᠠ ᠪᠠᠷ ᠲᠣᠳᠣᠷᠠᠭᠤᠯᠵᠤ ᠢᠷᠡᠭᠰᠡᠨ᠃ ᠡᠨᠡ ᠨᠢ ᠳᠠᠰᠬᠠᠯᠵᠢᠭᠤᠯᠤᠭᠴᠢᠳ ᠤᠨ ᠦᠵᠡᠵᠦ ᠪᠤᠢ ᠪᠠᠷ ᠤᠴᠢᠷ ᠳᠤᠲᠠᠭᠳᠠᠯ ᠲᠠᠢ ᠪᠠᠶᠢᠵᠤ᠂ ᠰᠢᠭᠰᠢᠭᠡ ᠪᠠᠭ ᠤᠨ ᠠᠮᠵᠢᠯᠲᠠ ᠳᠤ ᠰᠦᠷᠭᠦ ᠪᠡᠷ ᠨᠥᠯᠦᠭᠡᠯᠡᠭᠰᠡᠨ ᠭᠡᠵᠦ ᠦᠵᠡᠨ᠂ ᠳᠡᠭᠡᠷᠡᠬᠢ ᠰᠢᠢᠳᠪᠦᠷᠢ ᠶᠢ ᠡᠴᠦᠰᠯᠡᠨ ᠭᠠᠷᠭᠠᠭᠰᠠᠨ᠃ ᠮᠥᠨ ᠰᠢᠨ᠎ᠡ ᠣᠨ ᠤ ᠡᠬᠢ ᠪᠡᠷ ᠣᠷᠣᠰ ᠲᠦ ᠵᠣᠬᠢᠶᠠᠨ ᠪᠠᠶᠢᠭᠤᠯᠤᠭᠳᠠᠬᠤ ᠤᠯᠢᠮᠫᠢᠺ ᠤᠨ ᠬᠣᠱᠣᠢ᠂ ᠳᠡᠯᠡᠬᠡᠢ ᠶᠢᠨ ᠵᠢᠷᠭᠤᠭᠠᠨ ᠤᠳᠠᠭ᠎ᠠ ᠶᠢᠨ ᠠᠪᠤᠷᠭᠤ᠂ ᠵᠥᠪᠯᠡᠯᠲᠦ ᠬᠣᠯᠪᠣᠭᠠᠲᠤ ᠤᠯᠤᠰ ᠤᠨ ᠨᠡᠷᠡᠲᠦ ᠪᠥᠬᠡ ᠢᠸᠠᠨ ᠶᠠᠷᠭᠢᠨ ᠤ ᠨᠡᠷᠡᠮᠵᠢᠲᠦ  ︽ᠪᠠᠭ᠎ᠠ ᠳᠡᠯᠡᠬᠡᠢ ᠶᠢᠨ ᠠᠪᠤᠷᠭᠤ︾ ᠭᠡᠭᠳᠡᠳᠡᠭ ᠠᠯᠲᠠᠨ -ᠭᠠᠷᠨᠫᠷᠢ ᠲᠡᠮᠡᠴᠡᠭᠡᠨ ᠪᠣᠯᠬᠤ ᠪᠥᠭᠡᠳ ᠥᠨᠥᠳᠥᠷ ᠦᠨ ᠬᠤᠷᠠᠯ ᠢᠶᠠᠷ ᠲᠤᠰ ᠲᠡᠮᠡᠴᠡᠭᠡᠨ ᠳᠦ ᠤᠷᠤᠯᠴᠠᠬᠤ ᠡᠷᠡᠭᠲᠡᠢ ᠪᠠᠭ ᠤᠨ ᠪᠦᠷᠢᠯᠳᠦᠬᠦᠨ ᠢ ᠬᠡᠷᠬᠢᠨ ᠰᠣᠩᠭᠣᠬᠤ ᠶᠢ ᠰᠢᠢᠳᠦᠯ᠎ᠡ᠃ ᠢᠩᠭᠢᠬᠦ ᠳᠦ ᠪᠡᠨ ᠵᠢᠩ ᠲᠤᠰ ᠪᠦᠷᠢ ᠶᠢᠨ ᠴᠢᠨᠰᠠᠭᠠᠨ ᠤ ᠡᠬᠢᠨ ᠦ ᠭᠤᠷᠪᠠ ᠳᠤ ᠡᠷᠡᠮᠪᠡᠯᠡᠭᠳᠡᠭᠰᠡᠨ ᠲᠠᠮᠢᠷᠴᠢᠳ ᠢ ᠤᠯᠤᠰ ᠢᠶᠠᠨ ᠲᠥᠯᠦᠭᠡᠯᠡᠵᠦ ᠵᠣᠳᠣᠭᠯᠠᠭᠤᠯᠬᠤ ᠪᠠᠷ ᠪᠣᠯᠵᠠᠢ᠃
ᠫ∙ᠪᠠᠲᠤᠡᠷᠳᠡᠨᠢ

ᠰᠡᠳᠬᠢᠭᠳᠡᠯ ᠦᠯᠡᠳᠡᠭᠡᠬᠦ