︽ᠶᠡᠷᠦᠩᠬᠡᠶᠢᠯᠡᠭᠴᠢ ᠶᠢᠨ ᠴᠣᠮᠣ︾  ᠪᠠᠷᠢᠯᠳᠤᠭᠠᠨ ᠪᠣᠯᠤᠨ᠎ᠠ | News.MN

︽ᠶᠡᠷᠦᠩᠬᠡᠶᠢᠯᠡᠭᠴᠢ ᠶᠢᠨ ᠴᠣᠮᠣ︾  ᠪᠠᠷᠢᠯᠳᠤᠭᠠᠨ ᠪᠣᠯᠤᠨ᠎ᠠ

ᠳᠠᠷᠬᠠᠨ ᠠᠪᠤᠷᠭᠤ ᠬ∙ᠪᠠᠶᠠᠨᠮᠦ᠋ᠩᠬᠡ᠂ ᠪ∙ᠪᠠᠲᠤ-ᠡᠷᠳᠡᠨᠢ ᠨᠠᠷ ᠥᠨᠥᠳᠥᠷ ᠠᠭᠤᠯᠵᠠᠵᠤ᠂ ᠪᠥᠬᠡᠴᠦᠳ ᠦᠨ  ᠲᠦᠷ ᠵᠥᠪᠯᠡᠯ ᠪᠠᠶᠢᠭᠤᠯᠤᠨ ᠬᠠᠮᠲᠤᠷᠠᠨ ᠠᠵᠢᠯᠯᠠᠬᠤ ᠪᠠᠷ ᠪᠣᠯᠵᠠᠢ᠃ ᠠᠭᠤᠯᠵᠠᠯᠲᠠ ᠶᠢᠨ ᠦᠶ᠎ᠡ ᠪᠡᠷ ᠬ∙ᠪᠠᠶᠠᠨᠮᠦ᠋ᠩᠬᠡ ᠠᠪᠤᠷᠭᠤ ᠄ ᠪᠢ ᠴᠢᠮ᠎ᠠ ᠲᠠᠢ ᠪᠥᠬᠡ ᠶᠢᠨ ᠥᠷᠭᠥᠭᠡ᠂ ᠮᠣᠩᠭᠣᠯ ᠪᠥᠬᠡ ᠶᠢᠨ ᠲᠠᠯ᠎ᠠ ᠪᠠᠷ ᠶᠠᠷᠢᠯᠴᠠᠬᠤ ᠭᠡᠵᠦ ᠢᠷᠡᠯ᠎ᠡ᠃ ᠪᠥᠬᠡ ᠶᠢᠨ ᠥᠷᠭᠦᠭᠡᠨ ᠦ ᠦᠢᠯᠡ ᠠᠵᠢᠯᠯᠠᠭ᠎ᠠ ᠶᠢ ᠵᠣᠭᠰᠣᠭᠠᠭᠰᠠᠨ ᠠᠴᠠ ᠬᠣᠶᠢᠰᠢ ᠪᠠᠭ᠎ᠠ ᠦᠭᠡᠢ ᠬᠤᠭᠤᠴᠠᠭ᠎ᠠ ᠥᠩᠭᠡᠷᠡᠪᠡ᠃ ᠳᠣᠲᠣᠷᠠᠬᠢ ᠤᠰᠤ᠂ ᠴᠠᠬᠢᠯᠭᠠᠨ ᠶᠠᠭᠤ ᠪᠣᠯᠵᠤ ᠪᠠᠶᠢᠭ᠎ᠠ ᠶᠢ ᠮᠡᠳᠡᠬᠦ ᠦᠭᠡᠢ᠃ ᠪᠥᠬᠡ ᠦᠵᠡᠭᠴᠢᠳ ᠥᠷᠭᠥᠭᠡ ᠪᠡᠨ ᠨᠡᠭᠡᠭᠡᠬᠦ ᠶᠢ ᠬᠦᠯᠢᠶᠡᠵᠦ᠂ ᠪᠥᠬᠡᠴᠦᠳ ᠨᠢ ᠵᠣᠳᠣᠭ ᠰᠢᠭᠤᠳᠠᠭ ᠢᠶᠠᠨ ᠡᠮᠦᠰᠴᠢᠬᠡᠭᠰᠡᠨ ᠥᠷᠭᠦᠭᠡᠨ ᠳᠦ ᠪᠡᠨ ᠪᠠᠷᠢᠯᠳᠤᠬᠤ ᠶᠢ ᠬᠦᠯᠢᠶᠡᠭᠰᠡᠭᠡᠷ ᠪᠠᠶᠢᠲᠠᠯ᠎ᠠ ᠴᠠᠭ ᠬᠤᠭᠤᠴᠠᠭ᠎ᠠ ᠠᠯᠳᠠᠯ᠎ᠠ᠃ ᠡᠨᠡ ᠠᠰᠠᠭᠤᠳᠠᠯ ᠢ ᠰᠢᠢᠳᠪᠦᠷᠢᠯᠡᠬᠦ ᠶᠢ ᠱᠠᠭᠠᠷᠳᠠᠭᠰᠠᠭᠠᠷ ᠪᠠᠶᠢᠨ᠎ᠠ᠃ ᠶᠡᠷᠦ ᠨᠢ ᠴᠢᠨᠠᠭᠰᠢᠳᠠ ᠶᠠᠭᠠᠬᠢᠬᠤ ᠪᠤᠢ᠃ ᠲᠡᠭᠡᠬᠦ ᠪᠡᠷ ᠪᠥᠬᠡ ᠶᠢᠨ ᠥᠷᠭᠥᠭᠡ ᠶᠢ ᠨᠡᠭᠡᠭᠡᠬᠦ ᠶᠢᠨ ᠲᠤᠯᠠᠳᠠ ᠪᠥᠬᠡᠴᠦᠳ ᠦᠨ  ᠲᠦᠷ ᠵᠥᠪᠯᠡᠯ ᠪᠠᠶᠢᠭᠤᠯᠤᠶ᠎ᠠ᠃ ᠪᠤᠰᠤᠳ ᠠᠰᠠᠭᠤᠳᠠᠯ ᠨᠢ ᠰᠢᠭᠦᠬᠦ ᠳᠦ ᠰᠢᠢᠳᠦᠭᠳᠡᠨ᠎ᠡ ᠪᠢᠵᠡ᠃ ᠪᠢᠳᠡ ᠪᠥᠬᠡ ᠪᠡᠨ ᠥᠷᠭᠦᠭᠡᠨ ᠳᠦ ᠪᠡᠨ ᠪᠠᠷᠢᠯᠳᠤᠭᠤᠯᠬᠤ ᠪᠠᠷ ᠶᠠᠷᠢᠯᠴᠠᠵᠤ ᠲᠣᠬᠢᠷᠠᠯᠴᠠᠶ᠎ᠠ᠂ ᠬᠡᠯᠡᠯᠴᠡᠭᠡᠷ ᠲᠦ ᠭᠠᠷ ᠤᠨ ᠦᠰᠦᠭ ᠵᠢᠷᠤᠶ᠎ᠠ ᠭᠡᠯ᠎ᠡ᠃ ᠬᠠᠷᠢᠨ ᠠᠪᠤᠷᠭᠤ ᠪ∙ᠪᠠᠲᠤ-ᠡᠷᠳᠡᠨᠢ᠄ ᠲᠠ ᠪᠢᠳᠡ ᠬᠣᠶᠠᠷ ᠡᠨᠡ ᠡᠭᠦᠰᠦᠭᠡᠳ ᠪᠠᠶᠢᠭ᠎ᠠ ᠠᠰᠠᠭᠤᠳᠠᠯ ᠢ ᠬᠡᠯᠡᠯᠴᠡᠵᠦ᠂ ᠠᠴᠢᠶ᠎ᠠ ᠶᠢ ᠡᠭᠦᠷᠬᠦ ᠶᠣᠰᠣᠲᠠᠢ᠃ ᠪᠥᠬᠡᠴᠦᠳ ᠢᠶᠡᠨ ᠨᠢᠭᠡ ᠴᠢᠭ ᠲᠦ ᠤᠷᠤᠭᠤᠯᠬᠤ ᠨᠢ ᠵᠥᠪ᠃  ᠴᠢᠨᠠᠭᠰᠢᠯᠠᠭᠠᠳ ᠦᠨᠳᠦᠰᠦᠨ ᠦ ᠡᠪ ᠨᠢᠭᠡᠳᠦᠯ ᠢᠶᠡᠨ ᠣᠯᠠᠨ ᠲᠦᠮᠡᠨ ᠦ ᠢᠲᠡᠭᠡᠯ ᠢᠶᠡᠨ ᠡᠷᠬᠢᠮᠯᠡᠬᠦ ᠶᠣᠰᠣᠲᠠᠢ᠃ ᠲᠡᠶᠢᠮᠦ ᠡᠴᠡ ᠡᠭᠦᠰᠦᠭᠡᠳ ᠪᠠᠶᠢᠭᠰᠠᠨ ᠠᠰᠠᠭᠤᠳᠠᠯ ᠢ ᠨᠢᠭᠡ ᠲᠠᠯ᠎ᠠ ᠳᠤ ᠰᠢᠢᠳᠪᠦᠷᠢᠯᠡᠵᠦ ᠪᠠᠶᠢᠭ᠎ᠠ ᠳᠤ ᠪᠠᠶᠠᠷᠯᠠᠵᠤ ᠪᠠᠶᠢᠨ᠎ᠠ᠃ ᠲᠠᠨ ᠤ ᠬᠡᠯᠡᠭᠰᠡᠨ ᠲᠡᠢ ᠴᠤ ᠰᠠᠨᠠᠯ ᠨᠢᠭᠡᠳᠦᠨ᠎ᠡ᠃ ᠪᠠᠭᠰᠢ ᠱᠠᠪᠢ ᠶᠢᠨ ᠬᠤᠪᠢ ᠳᠤ᠂ ᠪᠥᠬᠡ ᠶᠢᠨ ᠬᠤᠪᠢ ᠳᠤ ᠴᠤ ᠲᠠ ᠪᠢᠳᠡ ᠬᠣᠶᠠᠷ ᠲᠤ ᠮᠠᠭᠤ ᠰᠠᠭᠠᠷ ᠵᠦᠢᠯ ᠪᠠᠶᠢᠬᠤ ᠦᠭᠡᠢ᠃ ᠬᠠᠷᠢᠨ ᠴᠤ ᠪᠡᠶ᠎ᠡ  ᠪᠠᠶᠠᠨ  ᠢᠶᠠᠨ ᠳᠡᠮᠵᠢᠬᠦ ᠶᠣᠰᠣᠲᠠᠢ᠃ ᠢᠩᠭᠢᠭᠡᠳ ᠰᠠᠨᠠᠯ ᠨᠢᠭᠡᠳᠦᠶ᠎ᠡ᠂ ᠵᠠᠯᠠᠭᠤᠰ ᠳᠡᠮᠵᠢᠵᠦ ᠪᠠᠶᠢᠨ᠎ᠠ᠃ ᠪᠥᠬᠡ ᠶᠢᠨ ᠥᠷᠭᠥᠭᠡ ᠪᠡᠨ ᠨᠡᠭᠡᠭᠡᠵᠦ᠂ ᠪᠥᠬᠡ ᠪᠡᠨ ᠪᠠᠷᠢᠯᠳᠤᠭᠤᠯᠵᠤ ᠡᠬᠢᠯᠡᠶ᠎ᠡ᠃ ᠲᠠᠨ ᠤ ᠲᠠᠯᠪᠢᠭᠰᠠᠨ ᠰᠠᠨᠠᠯ ᠢ ᠵᠥᠪᠰᠢᠶᠡᠷᠡᠯ᠎ᠡ ᠃ ᠴᠠᠭᠳᠠᠭ᠎ᠠ ᠶᠢᠨ ᠪᠠᠶᠢᠭᠤᠯᠤᠯᠭ᠎ᠠ ᠠᠴᠠ ᠦᠢᠮᠡᠭᠡᠨ ᠰᠠᠮᠠᠭᠤᠨ ᠳᠡᠭᠳᠡᠭᠡᠬᠦ ᠦᠭᠡᠢ ᠭᠡᠰᠡᠨ ᠪᠢᠴᠢᠭ ᠬᠢᠯᠭᠡᠵᠦ ᠠᠪᠴᠤ ᠪᠠᠶᠢᠭ᠎ᠠ ᠶᠤᠮ ᠪᠢᠯᠡ᠃ ᠡᠭᠦᠨ ᠳᠦ ᠨᠢ ᠭᠠᠷ ᠤᠨ ᠦᠰᠦᠭ ᠵᠢᠷᠤᠵᠤ᠂ ᠬᠠᠷᠢᠯᠴᠠᠨ ᠣᠶᠢᠯᠠᠭᠠᠯᠴᠠᠵᠤ ᠭᠡᠷ᠎ᠡ ᠬᠡᠯᠡᠯᠴᠡᠭᠡᠷ ᠲᠦ ᠭᠠᠷ ᠤᠨ ᠦᠰᠦᠭ ᠵᠢᠷᠤᠶ᠎ᠠ ᠭᠡᠳ ᠬᠡᠯᠡᠯᠴᠡᠭᠡᠷ ᠬᠢᠵᠦ ᠠᠰᠠᠭᠤᠳᠠᠯ ᠢ ᠨᠢᠭᠡ ᠲᠠᠯ᠎ᠠ ᠳᠤ ᠨᠢ ᠰᠢᠢᠳᠦᠯ᠎ᠡ᠃ ᠢᠩᠭᠢᠭᠰᠡᠨ ᠢᠶᠡᠷ ᠡᠨᠡ ᠰᠠᠷ᠎ᠠ ᠶᠢᠨ 29 ᠍ ᠳᠦ ᠵᠣᠬᠢᠶᠠᠨ ᠪᠠᠶᠢᠭᠤᠯᠬᠤ ᠶᠡᠷᠦᠩᠬᠡᠶᠢᠯᠡᠭᠴᠢ ᠶᠢᠨ ᠴᠣᠮᠣ ᠶᠢᠨ ᠨᠡᠷᠡᠮᠵᠢᠲᠦ ᠴᠢᠨᠰᠠᠭ᠎ᠠ ᠥᠨᠳᠥᠷ ᠪᠥᠬᠡ ᠶᠢᠨ ᠪᠠᠷᠢᠯᠳᠤᠭᠠᠨ ᠪᠥᠬᠡ ᠶᠢᠨ ᠥᠷᠭᠦᠭᠡᠨ ᠳᠦ ᠪᠣᠯᠬᠤ ᠪᠣᠯᠤᠮᠵᠢ ᠪᠥᠷᠢᠳᠴᠦ ᠪᠤᠢ ᠶᠤᠮ᠃

ᠰᠡᠳᠬᠢᠭᠳᠡᠯ ᠦᠯᠡᠳᠡᠭᠡᠬᠦ