ᠨᠡᠶᠢᠭᠡᠮ ᠤᠨ ᠳᠠᠭᠠᠳᠬᠠᠯ ᠤᠨ ᠰᠠᠩ ᠤᠨ ᠴᠢᠯᠦᠭᠡᠲᠦ ᠮᠥᠩᠭᠥᠨ ᠦᠯᠡᠳᠡᠭᠳᠡᠯ ᠢ ᠪᠠᠩᠬᠢᠨ ᠨᠤᠭᠤᠳ ᠲᠤ ᠪᠠᠶᠢᠷᠢᠰᠢᠭᠤᠯᠵᠤ᠂ ᠬᠦᠦ ᠶᠢᠨ ᠵᠦᠷᠢᠶ᠎ᠡ ᠪᠡᠷ ᠨᠢᠭᠡ ᠵᠢᠯ ᠬᠦᠷᠲᠡᠯᠡᠬᠢ ᠬᠤᠭᠤᠴᠠᠭ᠎ᠠ ᠲᠠᠢ ᠲᠡᠳᠬᠦᠪᠦᠷᠢ ᠶᠢᠨ ᠵᠢᠭᠡᠯᠡ ᠶᠢᠨ ᠬᠦᠦ ᠶᠢ ᠪᠠᠭᠤᠷᠠᠭᠤᠯᠵᠠᠢ᠃ ᠨᠡᠶᠢᠲᠡ ᠲᠥᠭᠥᠷᠢᠭ ᠦᠨ ᠵᠢᠭᠡᠯᠡ ᠶᠢᠨ ᠵᠢᠩᠨᠡᠭᠰᠡᠨ ᠳᠤᠮᠳᠠᠴᠢ ᠬᠦᠦ ᠣᠨ ᠤ ᠡᠬᠢᠨ ᠦ ᠠᠷᠪᠠᠨ ᠰᠠᠷ᠎ᠠ ᠶᠢᠨ ᠪᠠᠶᠢᠳᠠᠯ ᠢᠶᠠᠷ 17.6 ᠬᠤᠪᠢ ᠪᠠᠶᠢᠭ᠎ᠠ ᠭᠡᠵᠦ ᠮᠣᠩᠭᠣᠯ ᠪᠠᠩᠬᠢ ᠮᠡᠳᠡᠭᠡᠯᠡᠭᠰᠡᠨ᠃ ᠲᠡᠳᠬᠦᠪᠦᠷᠢ ᠶᠢᠨ ᠵᠢᠭᠡᠯᠡ ᠶᠢᠨ ᠬᠦᠦ ᠡᠭᠦᠨ ᠡᠴᠡ ᠲᠠᠪᠤᠨ ᠹᠦᠩᠺᠲ ᠢᠶᠡᠷ ᠪᠠᠭ᠎ᠠ ᠪᠤᠶᠤ 12 ᠬᠤᠪᠢ ᠪᠣᠯᠤᠭᠠᠳ ᠪᠠᠶᠢᠭ᠎ᠠ ᠭᠡᠵᠦ ᠨᠡᠶᠢᠭᠡᠮ ᠤᠨ ᠳᠠᠭᠠᠳᠬᠠᠯ ᠤᠨ ᠶᠡᠷᠦᠩᠬᠡᠢ ᠭᠠᠵᠠᠷ ᠮᠡᠳᠡᠭᠡᠯᠡᠯ᠎ᠡ᠃
ᠡᠨᠡ ᠣᠨ ᠳᠤ ᠨᠡᠶᠢᠭᠡᠮ ᠤᠨ ᠳᠠᠭᠠᠳᠬᠠᠯ ᠤᠨ ᠰᠠᠩ ᠤᠨ ᠴᠢᠯᠦᠭᠡᠲᠦ ᠮᠥᠩᠭᠥᠨ ᠦᠯᠡᠳᠡᠭᠳᠡᠯ 548 ᠲᠡᠷᠪᠤᠮ ᠲᠥᠭᠥᠷᠢᠭ ᠢ ᠠᠷᠠᠯᠵᠢᠶᠠᠨ ᠤ ᠨᠠᠢᠮᠠᠨ ᠪᠠᠩᠬᠢᠨ ᠳᠤ ᠪᠠᠶᠢᠷᠢᠰᠢᠭᠤᠯᠵᠠᠢ᠃ ᠢᠩᠭᠢᠭᠰᠡᠨ ᠢᠶᠡᠷ ᠡᠨᠡ ᠣᠨ ᠤ ᠨᠢᠭᠡᠳᠦᠭᠡᠷ ᠰᠠᠷ᠎ᠠ ᠠᠴᠠ ᠡᠬᠢᠯᠡᠨ ᠲᠡᠳᠬᠦᠪᠦᠷᠢ ᠶᠢᠨ ᠵᠡᠭᠡᠯᠢ ᠶᠢᠨ ᠬᠦᠦ 12 ᠬᠤᠪᠢ ᠪᠣᠯᠵᠤ ᠪᠠᠭᠤᠷᠠᠭᠰᠠᠨ ᠪᠠᠶᠢᠨ᠎ᠠ᠃ ᠨᠡᠶᠢᠭᠡᠮ ᠤᠨ ᠳᠠᠭᠠᠳᠬᠠᠯ ᠤᠨ ᠰᠠᠩ ᠠᠴᠠ ᠲᠡᠳᠬᠦᠪᠦᠷᠢ ᠠᠪᠳᠠᠭ 400 ᠭᠠᠷᠤᠢ ᠮᠢᠩᠭᠠᠨ ᠢᠷᠭᠡᠨ ᠪᠠᠶᠢᠭ᠎ᠠ ᠶᠢᠨ 244 ᠮᠢᠩᠭ᠎ᠠ ᠨᠢ ᠲᠡᠳᠬᠦᠪᠦᠷᠢ ᠶᠢᠨ ᠵᠢᠭᠡᠯᠡ ᠲᠡᠢ ᠪᠠᠶᠢᠨ᠎ᠠ᠃ 12 ᠬᠤᠪᠢ ᠶᠢᠨ ᠬᠦᠦ ᠲᠡᠢ ᠲᠡᠳᠬᠦᠪᠦᠷᠢ ᠶᠢᠨ ᠵᠢᠭᠡᠯᠡ ᠳᠦ ᠨᠢᠭᠡ ᠵᠢᠯ ᠦᠨ ᠬᠤᠭᠤᠴᠠᠭᠠᠨ ᠳᠤ 31 ᠮᠢᠩᠭᠠᠨ ᠲᠡᠳᠬᠦᠪᠦᠷᠢ ᠠᠪᠤᠭᠴᠢ ᠬᠠᠮᠤᠷᠤᠭᠳᠠᠵᠤ᠂ 48 ᠲᠡᠷᠪᠤᠮ ᠲᠥᠭᠥᠷᠢᠭ ᠦᠨ ᠵᠢᠭᠡᠯᠡ ᠠᠪᠴᠠᠢ᠃ ᠴᠢᠨᠠᠭᠰᠢᠳᠠ ᠲᠡᠳᠬᠦᠪᠦᠷᠢ ᠠᠪᠬᠤ ᠵᠢᠯ ᠤᠷᠲᠤᠰᠴᠤ᠂ ᠲᠡᠳᠬᠦᠪᠦᠷᠢ ᠠᠪᠤᠭᠴᠢᠳ ᠤᠨ ᠲᠣᠭ᠎ᠠ ᠥᠰᠴᠦ ᠪᠠᠶᠢᠭ᠎ᠠ ᠲᠠᠢ ᠬᠤᠯᠪᠤᠭ᠎ᠠ ᠲᠠᠢ ᠰᠠᠩ ᠤᠨ ᠮᠧᠨᠧᠵᠮᠧᠨᠲ ᠢ ᠵᠥᠪ᠂ ᠡᠷᠡᠰᠳᠡᠯ ᠦᠭᠡᠢ ᠬᠢᠬᠦ ᠱᠠᠭᠠᠷᠳᠠᠯᠭ᠎ᠠ ᠲᠠᠢ ᠪᠠᠶᠢᠭ᠎ᠠ ᠠᠵᠠᠢ᠃ ᠡᠨᠡ ᠬᠦᠷᠢᠶᠡᠨ ᠳᠦ ᠨᠡᠶᠢᠭᠡᠮ ᠤᠨ ᠳᠠᠭᠠᠳᠬᠠᠯ ᠤᠨ ᠶᠡᠷᠦᠩᠬᠡᠢ ᠬᠠᠤᠯᠢ ᠶᠢ ᠰᠢᠨᠡᠴᠢᠯᠡᠵᠦ 2019 ᠣᠨ ᠤ ᠬᠠᠪᠤᠷ ᠤᠨ ᠴᠢᠭᠤᠯᠭᠠᠨ ᠢᠶᠠᠷ ᠡᠷᠭᠦᠨ ᠪᠠᠷᠢᠬᠤ ᠪᠠᠷ ᠠᠵᠢᠯᠯᠠᠵᠤ ᠪᠠᠶᠢᠭ᠎ᠠ ᠶᠤᠮ ᠪᠠᠶᠢᠨ᠎ᠠ᠃