ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ ᠡᠨᠡ ᠣᠨ ᠤ ᠡᠬᠢᠨ ᠦ 11 ᠰᠠᠷ᠎ᠠ ᠶᠢᠨ ᠦᠵᠡᠭᠦᠯᠦᠯᠲᠡ ᠪᠡᠷ ᠬᠣᠨᠢ᠂ ᠢᠮᠠᠭ᠎ᠠ᠂ ᠦᠬᠡᠷ᠂ ᠠᠳᠤᠭᠤᠨ ᠤ ᠮᠢᠬᠠᠨ ᠤ ᠡᠺᠰᠫᠣᠷᠲ ᠤᠨ ᠳ᠋ᠦᠩ 70 ᠣᠷᠴᠢᠮ ᠰᠠᠶ᠎ᠠ ᠳ᠋ᠣᠯᠯᠠᠷ ᠲᠤ ᠬᠦᠷᠦᠭᠰᠡᠨ ᠬᠡᠮᠡᠨ ᠮᠡᠳᠡᠭᠡᠯᠡᠯ᠎ᠡ᠃ ᠲᠣᠳᠣᠷᠠᠭᠤᠯᠪᠠᠯ ᠮᠢᠬᠠᠨ ᠤ ᠡᠺᠰᠫᠣᠷᠲ ᠡᠮᠦᠨᠡᠬᠢ ᠣᠨ ᠤ ᠮᠥᠨ ᠦᠶ᠎ᠡ ᠡᠴᠡ 62.9 ᠬᠤᠪᠢ ᠪᠤᠶᠤ 2016 ᠣᠨ ᠤ ᠡᠬᠢᠨ ᠦ 11 ᠰᠠᠷ᠎ᠠ ᠲᠠᠢ ᠬᠠᠷᠢᠴᠠᠭᠤᠯᠪᠠᠯ ᠲᠠᠪᠤ ᠳᠠᠬᠢᠨ ᠥᠰᠦᠭᠰᠡᠨ ᠦᠵᠡᠭᠦᠯᠦᠯᠲᠡ ᠶᠤᠮ ᠃ ᠡᠭᠦᠨ ᠡᠴᠡ ᠬᠣᠨᠢ᠂ ᠢᠮᠠᠭᠠᠨ ᠤ ᠮᠢᠬᠠᠨ ᠤ ᠡᠺᠰᠫᠣᠷᠲ ᠬᠠᠮᠤᠭ ᠤᠨ ᠶᠡᠬᠡ ᠬᠡᠮᠵᠢᠶ᠎ᠡ ᠪᠡᠷ ᠪᠤᠶᠤ ᠬᠣᠶᠠᠷ ᠵᠢᠯ ᠦᠨ ᠬᠤᠭᠤᠴᠠᠭᠠᠨ ᠳᠤ 36 ᠳᠠᠬᠢᠨ ᠥᠰᠴᠠᠢ᠃ ᠬᠣᠨᠢᠨ ᠰᠦᠷᠦᠭ ᠨᠡᠶᠢᠲᠡ ᠮᠠᠯ ᠤᠨ 45.4 ᠬᠤᠪᠢ᠂ ᠢᠮᠠᠭ᠎ᠠ 41.2 ᠬᠤᠪᠢ ᠶᠢ ᠲᠤᠰ ᠲᠤᠰ ᠡᠵᠡᠯᠡᠵᠦ ᠪᠤᠢ ᠪᠥᠭᠡᠳ ᠮᠠᠨ ᠤ ᠤᠯᠤᠰ ᠵᠢᠯ ᠳᠦ 180 ᠣᠷᠴᠢᠮ ᠮᠢᠩᠭᠠᠨ ᠲᠣᠨ ᠮᠢᠬ᠎ᠠ ᠡᠺᠰᠫᠣᠷᠲᠯᠠᠬᠤ ᠪᠣᠯᠤᠮᠵᠢ ᠲᠠᠢ ᠭᠡᠳᠡᠭ ᠢ ᠠᠯᠪᠠᠨ ᠤ ᠬᠢᠨ ᠲᠣᠳᠣᠳᠬᠠᠵᠤ ᠪᠠᠶᠢᠨ᠎ᠠ᠃