ᠲᠠᠪᠢᠨ ᠮᠢᠩᠭᠠᠨ ᠳ᠋ᠣᠯᠯᠠᠷ ᠠᠪᠬᠤ ᠪᠦᠬᠡᠴᠢᠨ ᠪᠠᠶᠢᠭᠰᠠᠨ ᠦᠭᠡᠢ | News.MN

ᠲᠠᠪᠢᠨ ᠮᠢᠩᠭᠠᠨ ᠳ᠋ᠣᠯᠯᠠᠷ ᠠᠪᠬᠤ ᠪᠦᠬᠡᠴᠢᠨ ᠪᠠᠶᠢᠭᠰᠠᠨ ᠦᠭᠡᠢ

IJF ᠰᠢᠨ᠎ᠡ ᠣᠨ ᠤ ᠡᠮᠦᠨ᠎ᠡ ᠵᠢᠩ ᠲᠤᠰ ᠪᠦᠷᠢ ᠶᠢᠨ ᠰᠢᠯᠢᠳᠡᠭ ᠵᠢᠤᠳᠤᠤᠴᠢᠳ ᠢ ᠲᠣᠳᠣᠷᠠᠭᠤᠯᠳᠠᠭ ᠤᠯᠠᠮᠵᠢᠯᠠᠯ ᠲᠠᠢ᠃ 2018 ᠣᠨ ᠤ ᠰᠢᠯᠢᠳᠡᠭ ᠦᠨ ᠰᠢᠯᠢᠳᠡᠭ ᠵᠢᠦᠳᠤᠤᠴᠢᠳ ᠲᠣᠳᠣᠷᠠᠭᠰᠠᠨ ᠪᠥᠭᠡᠳ ᠮᠣᠩᠭᠣᠯ ᠠᠴᠠ ᠡᠨᠡ ᠤᠳᠠᠭ᠎ᠠ ᠵᠢᠩ ᠳᠦ ᠪᠡᠨ ᠲᠡᠷᠢᠭᠦᠯᠡᠬᠦ ᠵᠢᠤᠳᠤᠤᠴᠢ ᠭᠠᠷᠤᠭᠰᠠᠨ ᠦᠭᠡᠢ᠃ ᠳᠡᠯᠡᠬᠡᠢ ᠶᠢᠨ ᠴᠢᠨᠰᠠᠭ᠎ᠠ ᠶᠢ ᠵᠢᠩ ᠲᠤᠰ ᠪᠦᠷᠢ ᠳᠦ ᠪᠤᠶᠤ 14 ᠵᠢᠩ ᠳᠦ ᠲᠡᠷᠢᠭᠦᠯᠡᠭᠰᠡᠨ ᠰᠢᠯᠢᠳᠡᠭ ᠵᠢᠤᠳᠤᠤᠴᠢᠳ ᠲᠤ 50 ᠮᠢᠩᠭᠠᠨ ᠳ᠋ᠣᠯᠯᠠᠷ ᠤᠨ ᠮᠥᠩᠭᠥᠨ ᠱᠠᠩᠨᠠᠯ ᠦᠭᠳᠡᠭ ᠃
ᠵᠢᠦᠳᠤᠤᠴᠢᠳ ᠤᠨ ᠡᠨᠡ ᠵᠢᠯ ᠦᠨ ᠬᠠᠮᠤᠭ ᠤᠨ ᠰᠡᠭᠦᠯ ᠦᠨ ᠲᠡᠮᠡᠴᠡᠭᠡᠨ ᠥᠩᠭᠡᠷᠡᠭᠴᠢ ᠳᠣᠯᠣᠭ᠎ᠠ ᠬᠣᠨᠣᠭ ᠲᠤ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠭᠤᠸᠠᠩᠵᠸᠤ ᠳᠤ ᠪᠣᠯᠤᠭᠰᠠᠨ ︽ᠮᠠᠰᠲ᠋ᠸᠷᠰ︾ ᠲᠡᠮᠡᠴᠡᠭᠡᠨ ᠪᠠᠶᠢᠭᠰᠠᠨ ᠶᠤᠮ᠃ ᠡᠨᠡᠬᠦ ᠲᠡᠮᠡᠴᠡᠭᠡᠨ ᠦ ᠳᠠᠷᠠᠭ᠎ᠠ ᠵᠠᠷᠢᠮ ᠵᠢᠩ ᠳᠦ ᠥᠭᠡᠷᠡᠴᠢᠯᠡᠯᠲᠡ ᠣᠷᠣᠵᠤ᠂ ᠵᠢᠩ ᠪᠦᠷᠢ ᠶᠢᠨ ᠲᠡᠷᠢᠭᠦᠨ ᠵᠢᠦᠳᠤᠤᠴᠢᠳ ᠲᠣᠳᠣᠷᠠᠭᠰᠠᠨ᠃ ᠭᠠᠪᠢᠶᠠᠲᠤ ᠲᠠᠮᠢᠷᠴᠢᠨ ᠮ∙ᠤᠷᠠᠨᠴᠡᠴᠡᠭ ᠡᠨᠡᠬᠦ ᠲᠡᠮᠡᠴᠡᠭᠡᠨ ᠳᠦ ᠱᠠᠩᠨᠠᠯᠲᠤ ᠲᠠᠪᠤᠳᠤᠭᠠᠷ ᠪᠠᠶᠢᠷᠢᠨ ᠳᠤ ᠣᠷᠣᠭᠰᠠᠨ ᠪᠣᠯ ᠂ ᠳ∙ᠰᠤᠮᠢᠶ᠎ᠠ ᠳᠣᠯᠣᠳᠤᠭᠠᠷ ᠪᠠᠶᠢᠷᠢ ᠡᠵᠡᠯᠡᠭᠰᠡᠨ ᠢᠶᠡᠷ ᠣᠨᠣᠭ᠎ᠠ ᠪᠠᠨ ᠠᠬᠢᠭᠤᠯᠵᠤ ᠴᠢᠳᠠᠭ᠎ᠠ ᠦᠭᠡᠢ ᠶᠤᠮ᠃ ᠡᠷᠡᠴᠦᠳ ᠡᠴᠡ +100 ᠺᠢᠯᠦᠭᠷᠡᠮ ᠳᠦ ᠥ᠊∙ᠳᠦᠭᠦᠷᠡᠩᠪᠠᠶᠠᠷ ᠭᠤᠷᠪᠠ ᠳᠤ ᠪᠠᠭᠲᠠᠭᠰᠠᠨ ᠪᠣᠯ 60 ᠺᠢᠯᠦᠭᠷᠡᠮ ᠳᠦ ᠳ∙ᠠᠮᠤᠷᠲᠦ᠋ᠪᠰᠢᠨ ᠲᠠᠪᠤ ᠳᠤ᠂ 73  ᠺᠢᠯᠦᠭᠷᠡᠮ ᠳᠦ ᠭ∙ᠤᠳᠤᠪᠠᠶᠠᠷ ᠵᠢᠷᠭᠤᠳᠤᠭᠠᠷ ᠪᠠᠶᠢᠷᠢ ᠳᠤ ᠣᠷᠣᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ