ᠮᠣᠩᠭᠣᠯ ᠤᠨ ᠦᠨᠳᠦᠰᠦᠨ ᠦ ᠰᠠᠭᠰᠤᠨ ᠪᠥᠮᠪᠥᠭᠡ ᠶᠢᠨ ᠬᠣᠯᠪᠣᠭᠠᠨ ᠠᠴᠠ 21 ᠠᠶᠢᠮᠠᠭ ᠤᠨ ᠦᠨᠳᠦᠰᠦᠨ ᠦ ᠯᠢᠭ ᠦᠨ ᠲᠡᠮᠡᠴᠡᠭᠡᠨ ᠦ ᠵᠣᠬᠢᠶᠠᠨ ᠪᠠᠶᠢᠭᠤᠯᠵᠤ ᠪᠠᠶᠢᠭ᠎ᠠ᠃ ᠦᠨᠳᠦᠰᠦᠨ ᠦ ᠯᠢᠭ ᠦᠨ ᠲᠡᠷᠢᠭᠦᠨ ᠬᠡᠰᠡᠭ ᠲᠦ ᠵᠢᠷᠭᠤᠭᠠᠨ ᠪᠠᠭ᠂ ᠬᠠᠷᠢᠨ ᠳᠡᠳ᠋ ᠬᠡᠰᠡᠭ ᠲᠦ ᠨᠠᠢᠮᠠᠨ ᠪᠠᠭ ᠥᠷᠢᠰᠦᠯᠳᠦᠵᠦ ᠪᠠᠶᠢᠨ᠎ᠠ᠃ ᠦᠢᠯᠡᠳᠪᠦᠷᠢᠴᠢᠨ ᠦ ᠡᠪᠯᠡᠯ ᠦᠨ ᠰᠫᠣᠷᠲ ᠤᠨ ᠲᠥᠪ ᠣᠷᠳᠣᠨ ᠳᠤ ᠪᠣᠯᠵᠤ ᠪᠤᠢ ᠯᠢᠭ ᠦᠨ ᠲᠡᠮᠡᠴᠡᠭᠡᠨ ᠳᠦ ᠰᠦᠬᠡᠪᠠᠭᠠᠲᠤᠷ᠂ ᠥᠪᠦᠷᠬᠠᠩᠭᠠᠢ ᠶᠢᠨ ᠪᠠᠭ ᠤᠳ ᠡᠭᠡᠯᠵᠢᠲᠦ ᠬᠤᠵᠢᠯ ᠢᠶᠠᠨ ᠠᠪᠤᠭᠰᠠᠨ ᠪᠠᠶᠢᠨ᠎ᠠ᠃ ᠽ∙ᠪᠠᠶᠠᠰᠬᠤᠯᠠᠩ ᠡᠵᠡᠨ ᠲᠡᠢ ︽ᠰᠦᠬᠡᠪᠠᠭᠠᠲᠤᠷ ᠠᠯᠢᠶᠠᠨᠰ ᠲᠸᠾ︾ ᠪᠣᠯᠤᠨ ᠠ᠊∙ᠡᠩᠬᠡᠪᠠᠭᠠᠲᠤᠷ ᠡᠵᠡᠨ ᠲᠡᠢ ᠬᠡᠨᠲᠡᠢ ᠠᠶᠢᠮᠠᠭ ᠤᠨ ᠪᠠᠭ ᠦᠷᠢᠰᠦᠯᠳᠦᠵᠤ ᠂ ᠰᠦᠬᠡᠪᠠᠭᠠᠲᠤᠷ ᠠᠶᠢᠮᠠᠭ ᠬᠤᠷᠳᠤᠨ ᠳᠤᠪᠲᠤᠯᠤᠭ᠎ᠠ ᠪᠠᠷ 19 ᠣᠨᠣᠭ᠎ᠠ ᠢᠯᠡᠭᠦᠦ ᠠᠪᠤᠭᠰᠠᠨ ᠪᠠᠶᠢᠨ᠎ᠠ᠃
︽ᠥᠪᠦᠷᠬᠠᠩᠭᠠᠢ ᠲᠡᠨᠢᠭᠦᠨ ᠥᠯᠵᠡᠢ︾ ᠪᠠᠭ ᠤᠯᠠᠷᠢᠯ ᠤᠨ ᠳᠦᠷᠪᠡᠳᠡᠬᠢ ᠲᠣᠭᠯᠠᠯᠲᠠ ᠪᠠᠨ ︽ᠪᠠᠶᠠᠨᠬᠣᠩᠭᠣᠷ ᠮᠠᠵᠠᠭᠠᠯᠠᠢ︾ ᠪᠠᠭ ᠤᠨ ᠡᠰᠡᠷᠭᠦ ᠬᠢᠯ᠎ᠡ᠃ ᠲᠣᠭᠯᠠᠯᠲᠠ ᠶᠢᠨ ᠡᠬᠢᠨ ᠦ ᠦᠶ᠎ᠡ ᠡᠴᠡ ᠯᠠ ᠬᠣᠶᠠᠷ ᠪᠠᠭ ᠲᠡᠩᠴᠡᠭᠦᠬᠡᠨ ᠥᠷᠢᠰᠦᠯᠳᠦᠭᠡᠨ ᠢ ᠦᠵᠡᠭᠦᠯᠵᠦ᠂ ᠡᠬᠢᠨ ᠦ ᠬᠠᠭᠠᠰ 41-40 ᠤᠨᠤᠭ᠎ᠠ ᠶᠢᠨ ᠬᠠᠷᠢᠴᠠᠭ᠎ᠠ ᠪᠠᠷ ︽ᠮᠠᠵᠠᠭᠠᠯᠠᠢ︾ ᠪᠠᠭ ᠨᠢᠭᠡ ᠣᠨᠣᠭᠣᠨ ᠤ ᠢᠯᠡᠭᠦᠦ ᠲᠡᠢ ᠥᠨᠳᠥᠷᠯᠡᠪᠡ᠃ ᠭᠡᠬᠦ ᠳᠦ ᠪᠡᠨ ᠭᠤᠷᠪᠠᠳᠤᠭᠠᠷ ᠦᠶ᠎ᠡ ᠳᠦ ᠥᠪᠦᠷᠬᠠᠩᠭᠠᠢ ᠶᠢᠨ ᠪᠠᠭ ᠭᠠᠶᠢᠬᠠᠯᠲᠠᠢ ᠪᠠᠶᠢᠵᠤ 16 ᠣᠨᠣᠭ᠎ᠠ ᠢᠯᠡᠭᠦᠦ ᠠᠪᠴᠤ 70-55 ᠍ ᠢᠶᠠᠷ ᠲᠡᠷᠢᠭᠦᠯᠡᠭᠰᠡᠨ᠃ ᠤᠯᠠᠮ ᠢᠶᠠᠷ ᠰᠢᠢᠳᠪᠦᠷᠢᠯᠡᠬᠦ ᠳᠥᠷᠪᠡᠳᠦᠭᠡᠷ ᠦᠶ᠎ᠡ ᠳᠦ ︽ᠪᠠᠶᠠᠨᠬᠣᠩᠭᠣᠷ ᠮᠠᠵᠠᠭᠠᠯᠠᠢ︾ ᠪᠠᠭ ᠣᠨᠣᠭ᠎ᠠ ᠶᠢ ᠣᠶᠢᠷᠠᠲᠤᠭᠤᠯᠤᠭᠰᠠᠨ ᠴᠤ ᠢᠯᠡᠭᠦᠦ ᠭᠠᠷᠴᠤ ᠴᠢᠳᠠᠯ ᠦᠭᠡᠢ ᠶᠠᠪᠤᠭᠰᠠᠭᠠᠷ 83-90 ᠬᠠᠷᠢᠴᠠᠭ᠎ᠠ ᠲᠠᠢ ᠬᠣᠵᠢᠭᠳᠠᠯ ᠬᠦᠯᠢᠶᠡᠯ᠎ᠡ᠃