ᠮᠣᠩᠭᠣᠯ ᠤᠯᠤᠰ ᠤᠨ ᠶᠡᠷᠦᠩᠬᠡᠶᠢᠯᠡᠭᠴᠢ ᠠᠰᠠᠨ ᠡᠯᠪᠡᠭᠳᠣᠷᠵᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠰᠢ ᠵᠢᠨ ᠫᠢᠩ ᠲᠡᠢ ᠠᠭᠤᠯᠵᠠᠵᠠᠢ᠃ ᠲᠡᠷᠡᠪᠡᠷ ᠡᠮᠦᠨᠡᠬᠢ ᠳᠣᠯᠣᠭ᠎ᠠ ᠬᠣᠨᠣᠭ ᠲᠤ MNC ᠲᠸᠯᠸᠢᠰ ᠦᠨ ᠵᠣᠴᠢᠨ ᠤ ᠴᠠᠭ ᠢᠶᠠᠷ ᠶᠠᠷᠢᠯᠴᠠᠯᠭ᠎ᠠ ᠳᠤ ᠣᠷᠣᠬᠤ ᠳᠤ ᠪᠠᠨ ᠲᠤᠩ ᠤᠳᠠᠬᠤ ᠦᠭᠡᠢ ᠭᠠᠳᠠᠭᠰᠢ ᠪᠠᠨ ᠠᠵᠢᠯ ᠢᠶᠠᠷ ᠶᠠᠪᠤᠬᠤ ᠪᠠᠨ ᠶᠠᠷᠢᠵᠤ ᠪᠠᠶᠢᠭᠰᠠᠨ ᠶᠤᠮ᠃ ᠡᠯᠪᠡᠭᠳᠣᠷᠵᠢ Club de Madrid ᠍ ᠦᠨ ᠭᠡᠰᠢᠭᠦᠳ ᠦᠨ ᠬᠠᠮᠲᠤ ᠪᠠᠷ ᠡᠮᠦᠨᠡᠲᠦ ᠬᠥᠷᠰᠢ ᠶᠢᠨ ᠳᠠᠷᠤᠭ᠎ᠠ ᠲᠠᠢ ᠠᠭᠤᠯᠵᠠᠯᠲᠠ ᠠᠭᠤᠯᠵᠠᠯᠲᠠ ᠶᠢᠨ ᠦᠶ᠎ᠡ ᠪᠡᠷ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠰᠢ ᠵᠢᠨ ᠫᠢᠩ᠄ ᠤᠯᠤᠰ ᠣᠷᠣᠨ ᠤ ᠬᠠᠷᠢᠯᠴᠠᠭ᠎ᠠ᠂ ᠨᠠᠶᠢᠷᠠᠮᠳᠠᠯ᠂ ᠨᠥᠬᠥᠷᠯᠡᠯ ᠪᠣᠯ ᠳᠤᠮᠳᠠ ᠪᠠᠨ ᠠᠰᠠᠭᠠᠭᠰᠠᠨ ᠯᠠ ᠶᠢᠨ ᠳᠥᠯᠥ ᠲᠡᠢ ᠢᠵᠢᠯ ᠶᠤᠮ᠃ ᠭᠡᠷᠡᠯ ᠡᠮᠵᠡᠭ ᠤᠴᠢᠷ ᠲᠡᠭᠦᠨ ᠢ ᠲᠠᠯ᠎ᠠ ᠲᠠᠯ᠎ᠠ ᠠᠴᠠ ᠪᠠᠨ ᠠᠷᠠᠴᠢᠯᠠᠵᠤ᠂ ᠬᠠᠮᠠᠭᠠᠯᠠᠬᠤ ᠬᠡᠷᠡᠭᠲᠡᠢ ᠪᠣᠯᠳᠠᠭ ᠭᠡᠵᠦ ᠣᠨᠴᠠᠯᠠᠵᠠᠢ᠃