ᠴᠡᠪᠡᠷ ᠠᠭᠠᠷ ᠲᠤ ᠭᠠᠷᠬᠤ ᠶᠢ ᠰᠠᠩ ᠤᠨ ᠶᠠᠮᠤᠨ ᠳᠡᠮᠵᠢᠭᠡ ᠦᠭᠡᠢ | News.MN

ᠴᠡᠪᠡᠷ ᠠᠭᠠᠷ ᠲᠤ ᠭᠠᠷᠬᠤ ᠶᠢ ᠰᠠᠩ ᠤᠨ ᠶᠠᠮᠤᠨ ᠳᠡᠮᠵᠢᠭᠡ ᠦᠭᠡᠢ

ᠶᠡᠷᠦᠩᠬᠡᠢ ᠰᠠᠶᠢᠳ ᠠᠴᠠ ᠥᠭᠭᠦᠭᠰᠡᠨ ᠴᠢᠭᠯᠡᠯ ᠦᠨ ᠳᠠᠭᠠᠤ ᠵᠢᠷᠮᠦᠰᠦᠨ ᠡᠬᠡᠴᠦᠳ᠂ 0-5 ᠬᠦᠷᠲᠡᠯ᠎ᠡ ᠨᠠᠰᠤᠨ ᠤ ᠬᠡᠦᠬᠡᠳ ᠦᠳ ᠢ 29 ᠠᠮᠠᠷᠠᠯᠲᠠ ᠰᠤᠪᠢᠯᠠᠯ ᠤᠨ ᠭᠠᠵᠠᠷ ᠲᠤ ᠲᠠᠪᠤ ᠬᠣᠨᠣᠭ ᠠᠮᠠᠷᠠᠭᠠᠬᠤ ᠪᠠᠷ ᠵᠠᠰᠠᠭ ᠤᠨ ᠭᠠᠵᠠᠷ ᠤᠨ ᠬᠣᠯᠪᠣᠭᠣᠳᠠᠬᠤ ᠰᠠᠶᠢᠳ ᠨᠠᠷ ᠠᠵᠢᠯᠯᠠᠵᠤ ᠪᠠᠶᠢᠭ᠎ᠠ ᠶᠢ ᠥᠴᠥᠭᠡᠳᠦᠷ ︵2018.12.19︶ ᠵᠠᠰᠠᠭ ᠤᠨ ᠭᠠᠵᠠᠷ ᠤᠨ ᠬᠤᠷᠠᠯᠳᠤᠭᠠᠨ ᠢᠶᠠᠷ ᠲᠠᠨᠢᠯᠴᠠᠭᠤᠯᠤᠭᠰᠠᠨ᠃ ᠡᠨᠡ ᠲᠠᠯ᠎ᠠ ᠪᠠᠷ ᠬᠥᠳᠡᠯᠮᠦᠷᠢ ᠨᠡᠶᠢᠭᠡᠮ᠂ ᠬᠠᠮᠠᠭᠠᠯᠠᠯ ᠤᠨ ᠰᠠᠶᠢᠳ ᠰ∙ᠴᠢᠩᠵᠣᠷᠢᠭ᠄ᠡᠬᠢᠨ ᠦ ᠡᠭᠡᠯᠵᠢᠨ ᠳᠦ ᠲᠠᠪᠤᠨ ᠲᠡᠷᠪᠤᠮ ᠲᠥᠭᠥᠷᠢᠭ ᠰᠢᠢᠳᠴᠢᠬᠡᠪᠡᠯ ᠤᠲᠤᠭᠠᠨ ᠤ ᠣᠷᠭᠢᠯ ᠦᠶ᠎ᠡ ᠳᠦ ᠪᠤᠶᠤ ᠠᠷᠪᠠᠨ ᠬᠣᠶᠠᠳᠤᠭᠠᠷ ᠰᠠᠷ᠎ᠠ ᠶᠢᠨ 25 ᠠᠴᠠ ᠭᠤᠷᠪᠠᠳᠤᠭᠠᠷ ᠰᠠᠷ᠎ᠠ ᠶᠢᠨ 15  ᠬᠦᠷᠲᠡᠯ᠎ᠡ ᠤᠲᠤᠭᠠᠨ ᠤ ᠭᠣᠯᠣᠮᠲᠠ  ᠳᠤ ᠠᠮᠢᠳᠤᠷᠠᠵᠤ ᠪᠤᠢ ᠵᠢᠷᠮᠦᠰᠦᠨ ᠡᠬᠡᠴᠦᠳ ᠪᠣᠯᠤᠨ 0-5 ᠨᠠᠰᠤᠨ ᠤ ᠬᠡᠦᠬᠡᠳ ᠦᠳ ᠢ ᠬᠣᠲᠠ ᠶᠢᠨ ᠣᠶᠢᠷᠠᠯᠴᠠᠭᠠᠬᠢ ᠠᠮᠠᠷᠠᠯᠲᠠ ᠶᠢᠨ ᠭᠠᠵᠠᠷ ᠤᠳ ᠲᠤ ᠳᠤᠮᠳᠠᠴᠢ ᠪᠠᠷ ᠲᠠᠪᠤ ᠬᠣᠨᠣᠭ ᠠᠮᠠᠷᠠᠭᠠᠬᠤ ᠪᠣᠯᠤᠮᠵᠢ ᠲᠠᠢ ᠭᠡᠵᠦ ᠲᠣᠭᠠᠴᠠᠵᠤ ᠪᠠᠶᠢᠨ᠎ᠠ ᠭᠡᠰᠡᠨ ᠶᠤᠮ᠃
ᠤᠷᠢᠳᠴᠢᠯᠠᠭᠰᠠᠨ ᠰᠤᠳᠤᠯᠭ᠎ᠠ ᠪᠠᠷ 35 ᠮᠢᠩᠭ᠎ᠠ ᠣᠷᠴᠢᠮ ᠡᠵᠢ 65 ᠮᠢᠩᠭᠠᠨ ᠬᠡᠦᠬᠡᠳ ᠬᠠᠮᠤᠷᠤᠭᠳᠠᠬᠤ ᠶᠤᠮ ᠪᠠᠶᠢᠨ᠎ᠠ᠃ ᠡᠨᠡ ᠲᠠᠯ᠎ᠠ ᠪᠠᠷ ᠵᠠᠰᠠᠭ ᠤᠨ ᠭᠠᠵᠠᠷ ᠤᠨ ᠬᠡᠪᠯᠡᠯ ᠮᠡᠳᠡᠭᠡᠯᠡᠯ ᠣᠯᠠᠨ ᠨᠡᠶᠢᠲᠡ ᠲᠡᠢ ᠬᠠᠷᠢᠯᠴᠠᠬᠤ ᠠᠯᠪᠠᠨ ᠤ ᠳᠠᠷᠤᠭ᠎ᠠ ᠼ∙ᠭᠠᠩᠵᠣᠷᠢᠭ᠄ ᠴᠡᠪᠡᠷ ᠠᠭᠠᠷ ᠲᠤ ᠲᠠᠪᠤ ᠬᠣᠨᠣᠭᠤᠯᠬᠤ ᠳᠤ 8 ᠲᠡᠷᠪᠤᠮ ᠲᠥᠭᠥᠷᠢᠭ ᠵᠠᠷᠤᠴᠠᠭᠤᠯᠬᠤ ᠰᠢᠢᠳᠪᠦᠷᠢ ᠵᠠᠰᠠᠭ ᠤᠨ ᠭᠠᠵᠠᠷ ᠠᠴᠠ ᠭᠠᠷᠤᠭ᠎ᠠ ᠦᠭᠡᠢ᠃ 18 ᠡᠭᠡᠯᠵᠢ ᠪᠡᠷ 110 ᠮᠢᠩᠭᠠᠨ ᠡᠬᠡ ᠬᠡᠦᠬᠡᠳ ᠢ ᠬᠠᠮᠤᠷᠤᠭᠤᠯᠬᠤ ᠰᠠᠨᠠᠯ ᠢ ᠤᠲᠤᠭᠠᠨ ᠤ ᠡᠰᠡᠷᠭᠦ ᠲᠥᠷᠥ ᠶᠢᠨ ᠪᠤᠰᠤ ᠪᠠᠶᠢᠭᠤᠯᠤᠯᠭ᠎ᠠ  ᠪᠣᠯᠤᠨ ᠵᠠᠷᠢᠮ ᠢᠷᠭᠡᠳ  ᠲᠠᠯᠪᠢᠭᠰᠠᠨ ᠶᠤᠮ᠃ ᠰᠠᠨᠠᠯ ᠤᠨ ᠳᠠᠭᠠᠤ ᠵᠠᠰᠠᠭ ᠤᠨ ᠭᠠᠵᠠᠷ ᠰᠤᠳᠤᠯᠵᠤ ᠦᠵᠡᠵᠦ ᠪᠤᠢ᠃ ᠮᠠᠷᠭᠠᠰᠢ ᠵᠠᠰᠠᠭ ᠤᠨ ᠭᠠᠵᠠᠷ ᠤᠨ ᠡᠭᠡᠯᠵᠢᠲᠦ ᠪᠤᠰᠤ ᠬᠤᠷᠠᠯ ᠢᠶᠠᠷ ᠪᠣᠯᠤᠮᠵᠢ ᠲᠠᠢ ᠡᠰᠡᠬᠦ ᠶᠢ ᠬᠡᠯᠡᠯᠴᠡᠨ᠎ᠡ᠃ ᠣᠳᠣ ᠪᠠᠷ ᠰᠠᠩ ᠤᠨ ᠶᠠᠮᠤᠨ ᠪᠣᠯᠤᠨ ᠬᠠᠤᠯᠢ ᠵᠦᠢ ᠳᠣᠲᠣᠭᠠᠳᠤ ᠬᠡᠷᠡᠭ ᠦᠨ ᠶᠠᠮᠤᠨ ᠠᠴᠠ ᠪᠣᠯᠤᠮᠵᠢ ᠦᠭᠡᠢ ᠭᠡᠳᠡᠭ ᠰᠠᠨᠠᠯ ᠢᠷᠡᠭᠰᠡᠨ ᠭᠡᠪᠡ ᠃

ᠰᠡᠳᠬᠢᠭᠳᠡᠯ ᠦᠯᠡᠳᠡᠭᠡᠬᠦ