ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠳ∙ ᠪᠠᠦ᠋ᠷᠵᠠᠨ ᠰᠠᠶ᠋ᠢᠬᠠᠨ ᠰᠡᠳᠬᠦᠯ ᠵᠦᠢ ᠶᠢᠨ ᠣᠨ ᠤ ᠰᠢᠯᠢᠳᠡᠭ ᠦᠳ ᠢ ᠰᠢᠯᠭᠠᠷᠠᠭᠤᠯᠬᠤ ︽ ᠭᠠᠩ ᠦᠵᠦᠭ 2018︾ ᠨᠠᠭᠠᠳᠤᠮ ᠠᠴᠠ ︽ᠣᠷᠣᠨ ᠨᠤᠲᠤᠭ ᠤᠨ ᠰᠢᠯᠢᠳᠡᠭ ᠰᠣᠨᠢᠨ︾ ᠱᠠᠩᠨᠠᠯ ᠬᠦᠷᠲᠡᠭᠰᠡᠨ ︽ᠮᠣᠩᠭᠣᠯ ᠽᠠᠮᠠᠨ︾ ᠰᠣᠨᠢᠨ ᠤ ᠶᠡᠷᠦᠩᠬᠡᠢ ᠷᠸ᠋ᠳᠠᠺᠲ᠋ᠤᠷ ᠷ∙ᠠᠰᠢᠯᠪᠸᠺ ᠢ ᠥᠴᠥᠭᠡᠳᠦᠷ ᠬᠦᠯᠢᠶᠡᠨ ᠠᠪᠴᠤ ᠠᠭᠤᠯᠵᠠᠵᠤ᠂ ᠬᠦᠨᠳᠦᠳᠬᠡᠯ ᠦᠵᠡᠭᠦᠯᠦᠯ᠎ᠡ᠃
ᠲᠡᠷᠡ ᠪᠡᠷ ᠲᠤᠰ ᠠᠶᠢᠮᠠᠭ ᠠᠴᠠ ᠠᠩᠬ᠎ᠠ ᠤᠳᠠᠭ᠎ᠠ ᠤᠯᠤᠰ ᠤᠨ ᠰᠢᠯᠢᠳᠡᠭ ᠰᠣᠨᠢᠨ ᠢᠶᠠᠷ ᠲᠣᠳᠣᠷᠠᠭᠰᠠᠨ ᠶᠠᠪᠤᠳᠠᠯ ᠳᠤ ᠪᠠᠶᠠᠷ ᠬᠦᠷᠭᠡᠵᠦ᠂ ᠴᠢᠨᠠᠭᠰᠢᠳᠠ ᠳᠡᠮᠵᠢᠯᠭᠡ ᠦᠵᠡᠭᠦᠯᠦᠨ ᠬᠠᠮᠲᠤᠷᠠᠨ ᠠᠵᠢᠯᠯᠠᠬᠤ ᠪᠠᠨ ᠢᠯᠡᠷᠬᠡᠶᠢᠯᠡᠯ᠎ᠡ᠃
︽ᠮᠣᠩᠭᠣᠯ ᠽᠠᠮᠠᠨ︾ ᠨᠢ 2010 ᠣᠨ ᠠᠴᠠ ᠦᠢᠯᠡ ᠠᠵᠢᠯᠯᠠᠭ᠎ᠠ ᠪᠠᠨ ᠡᠬᠢᠯᠡᠭᠦᠯᠦᠭᠰᠡᠨ ᠪᠠ ᠬᠠᠰᠠᠭ ᠬᠡᠯᠡ ᠪᠡᠷ ᠬᠣᠶᠠᠷ ᠳᠣᠯᠣᠭ᠎ᠠ ᠬᠣᠨᠣᠭ ᠲᠤᠲᠤᠮ ᠭᠠᠷᠳᠠᠭ ᠰᠣᠨᠢᠨ ᠶᠤᠮ᠃ ᠰᠠᠶ᠋ᠢᠬᠠᠨ 205 ᠳ᠋ᠡᠬᠢ ᠳ᠋ᠤᠭᠠᠷ ᠢᠶᠠᠨ ᠭᠠᠷᠭᠠᠭᠰᠠᠨ ᠲᠤᠰ ᠰᠣᠨᠢᠨ ᠢ ᠮᠠᠨ ᠤ ᠤᠯᠤᠰ ᠤᠨ ᠶᠢᠰᠦᠨ ᠠᠶᠢᠮᠠᠭ᠂ ᠨᠡᠶᠢᠰᠯᠡᠯ ᠤᠯᠠᠭᠠᠨᠪᠠᠭᠠᠲᠤᠷ ᠬᠣᠲᠠ ᠶᠢᠨ 1500 ᠭᠠᠷᠤᠢ ᠬᠦᠮᠦᠨ ᠵᠠᠬᠢᠶᠠᠯᠠᠨ ᠤᠩᠰᠢᠳᠠᠭ ᠪᠠᠶᠢᠨ᠎ᠠ᠃