ᠠᠷᠠᠪ ᠤᠨ ᠨᠢᠭᠡᠳᠦᠭᠰᠡᠨ ᠡᠮᠢᠷᠠᠲ ᠤᠯᠤᠰ ᠲᠤ ᠵᠣᠬᠢᠶᠠᠨ ᠪᠠᠶᠢᠭᠤᠯᠤᠭᠳᠠᠭᠰᠠᠨ ᠣᠯᠠᠨ ᠤᠯᠤᠰ ᠤᠨ ᠡᠮᠡᠭᠲᠡᠶᠢᠴᠦᠳ ᠦᠨ ᠪᠤᠤᠳᠠᠯᠭ᠎ᠠ ᠶᠢᠨ ᠲᠡᠮᠡᠴᠡᠭᠡᠨ ᠳᠦ ︽ᠠᠪᠤᠷᠠᠭᠴᠢ︾ ᠪᠡᠶ᠎ᠡ ᠶᠢᠨ ᠲᠠᠮᠢᠷ ᠲᠧᠭᠨᠢᠭ ᠰᠫᠣᠷᠲ ᠬᠣᠷᠢᠶᠠᠨ ᠤ ᠲᠠᠮᠢᠷᠴᠢᠨ᠂ ᠪᠤᠤᠳᠠᠯᠭ᠎ᠠ ᠶᠢᠨ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠲ∙ᠪᠠᠶᠠᠷᠴᠡᠴᠡᠭ ᠠᠮᠵᠢᠯᠲᠠᠲᠠᠢ ᠣᠷᠣᠯᠴᠠᠵᠤ᠂ ᠵᠢᠷᠭᠤᠳᠤᠭᠠᠷ ᠪᠠᠶᠢᠷᠢ ᠳᠤ ᠰᠢᠯᠭᠠᠷᠠᠯ᠎ᠠ᠃
ᠲᠡᠷᠡ ᠪᠡᠷ 2018 ᠣᠨ ᠳᠤ ᠨᠠᠰᠤᠨ ᠳᠤ ᠬᠦᠷᠦᠭᠰᠡᠳ ᠦᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠬᠡᠢ ᠶᠢᠨ ᠭᠠᠷ ᠪᠤᠤ ᠶᠢᠨ 6 ᠍ ᠳᠦᠭᠡᠷ ᠳᠠᠰᠬᠠᠯ ᠪᠣᠯᠤᠨ ᠰᠫᠣᠷᠲ ᠭᠠᠷ ᠪᠤᠤ ᠶᠢᠨ ᠲᠥᠷᠥᠯ ᠳᠦ ᠲᠤᠰ ᠪᠦᠷᠢ ᠠᠯᠲᠠᠨ ᠮᠧᠳᠠᠯ ᠢ ᠬᠦᠷᠲᠡᠭᠡᠳ ᠪᠠᠶᠢᠨ᠎ᠠ᠃ ᠢᠩᠭᠢᠭᠰᠡᠨ ᠢᠶᠡᠷ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ 2014 ᠣᠨ ᠠᠴᠠ ᠬᠣᠶᠢᠰᠢ ᠪᠤᠶᠤ ᠰᠡᠭᠦᠯ ᠦᠨ ᠳᠥᠷᠪᠡᠨ ᠵᠢᠯ ᠦᠨ ᠬᠤᠭᠤᠴᠠᠭᠠᠨ ᠳᠤ ᠳᠠᠷᠠᠭᠠᠯᠠᠨ ᠠᠪᠤᠷᠭᠤ ᠶᠢᠨ ᠠᠯᠲᠠᠨ ᠮᠧᠳᠠᠯ ᠢ ᠬᠦᠷᠲᠡᠭᠡᠳ ᠪᠠᠶᠢᠭ᠎ᠠ ᠶᠤᠮ᠃ ᠮᠥᠨ ᠮᠣᠩᠭᠣᠯ ᠤᠨ ᠪᠤᠤᠳᠠᠯᠭ᠎ᠠ ᠰᠫᠣᠷᠲ ᠤᠨ ᠴᠢᠨᠰᠠᠭ᠎ᠠ ᠲᠣᠭᠲᠠᠭᠠᠬᠤ ᠬᠣᠯᠪᠣᠭᠠᠨ ᠤ ᠴᠣᠮᠣ ᠶᠢᠨ ᠴᠤᠪᠤᠷᠠᠯ ᠲᠡᠮᠡᠴᠡᠭᠡᠨ ᠨᠦᠭᠦᠳ ᠲᠦ ᠠᠮᠵᠢᠯᠲᠠᠢ ᠣᠷᠣᠯᠴᠠᠵᠤ᠂ ᠴᠢᠨᠰᠠᠭ᠎ᠠ ᠪᠠᠷ ᠢᠶᠠᠨ 1᠂2 ᠪᠠᠶᠢᠷᠢ ᠳᠤ ᠰᠢᠯᠭᠠᠷᠠᠨ ᠠᠽᠢᠶ᠎ᠠ ᠶᠢᠨ ᠨᠠᠭᠠᠳᠤᠮ ᠪᠣᠯᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠤᠷᠤᠯᠴᠠᠬᠤ ᠡᠷᠬᠡ ᠪᠡᠨ ᠠᠪᠴᠤ᠂ ᠲᠤᠰ ᠲᠡᠮᠡᠴᠡᠭᠡᠨ ᠨᠦᠭᠦᠳ ᠲᠦ ᠠᠮᠵᠢᠯᠲᠠᠲᠠᠢ ᠣᠷᠣᠯᠴᠠᠭᠠᠳ ᠪᠠᠶᠢᠨ᠎ᠠ᠃