128 ᠪᠥᠬᠡ ᠶᠢᠨ ᠪᠠᠷᠢᠯᠳᠤᠭᠠᠨ ᠡᠨᠡ ᠰᠠᠷ᠎ᠠ ᠶᠢᠨ 29  ᠳᠦ ᠪᠣᠯᠤᠨ᠎ᠠ | News.MN

128 ᠪᠥᠬᠡ ᠶᠢᠨ ᠪᠠᠷᠢᠯᠳᠤᠭᠠᠨ ᠡᠨᠡ ᠰᠠᠷ᠎ᠠ ᠶᠢᠨ 29  ᠳᠦ ᠪᠣᠯᠤᠨ᠎ᠠ

ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 107 ᠵᠢᠯ ᠦᠨ ᠣᠢ ᠳᠤ ᠵᠣᠷᠢᠭᠤᠯᠤᠭᠰᠠᠨ ᠶᠡᠷᠦᠩᠬᠡᠶᠢᠯᠡᠭᠴᠢ ᠶᠢᠨ ᠴᠣᠮᠣ ᠶᠢᠨ ᠲᠥᠯᠦᠭᠡᠬᠢ ᠤᠯᠤᠰ ᠠᠶᠢᠮᠠᠭ ᠤᠨ ᠠᠯᠳᠠᠷ ᠴᠣᠯᠠ ᠲᠠᠢ ᠴᠢᠨᠰᠠᠭ᠎ᠠ ᠥᠨᠳᠥᠷ 128 ᠪᠥᠬᠡ ᠶᠢᠨ ᠪᠠᠷᠢᠯᠳᠤᠭᠠᠨ 2018 ᠣᠨ ᠤ 12 ᠳ᠋ᠤᠭᠠᠷ ᠰᠠᠷ᠎ᠠ ᠶᠢᠨ 29 ᠍ ᠦ 14᠄00 ᠴᠠᠭ ᠠᠴᠠ ᠪᠤᠶᠠᠨᠲᠤ-ᠬᠤᠸᠠ ᠣᠷᠳᠣᠨ ᠳᠤ ᠪᠣᠯᠤᠨ᠎ᠠ᠃ ᠪᠠᠷᠢᠯᠳᠤᠬᠤ ᠪᠥᠬᠡᠴᠦᠳ ᠢ 12 ᠳ᠋ᠤᠭᠠᠷ ᠰᠠᠷ᠎ᠠ ᠶᠢᠨ 27᠂ 28 ᠍ ᠤ ᠡᠳᠦᠷ ᠦᠳ ᠲᠦ ᠴᠠᠬᠢᠮ ᠢᠶᠠᠷ ᠪᠦᠷᠢᠳᠬᠡᠨ᠎ᠡ᠃ ᠡᠨᠡ ᠣᠨ ᠤ ᠣᠳᠬᠣᠨ ᠪᠠᠷᠢᠯᠳᠤᠭᠠᠨ ᠳᠤ ᠴ∙ᠰᠠᠩᠵᠠᠶᠢᠳᠠᠮᠪᠠ ᠠᠪᠤᠷᠭᠤ᠂ ᠨ∙ᠪᠠᠲᠤᠰᠠᠭᠤᠷᠢ ᠠᠪᠤᠷᠭᠤ᠂ ᠪ∙ ᠪᠠᠲᠤ-ᠥᠯᠵᠡᠢ ᠬᠠᠷᠴᠠᠭᠠᠢ᠂ ᠫ∙ᠪᠦᠷᠢᠨᠲᠡᠭᠦᠰ ᠠᠷᠰᠯᠠᠨ᠂ ᠼ∙ᠰᠣᠳᠨᠠᠮᠳᠣᠷᠵᠢ ᠠᠷᠰᠯᠠᠨ᠂ ᠡ᠊∙ᠤᠶᠤᠨᠪᠤᠯᠤᠳ ᠠᠷᠰᠯᠠᠨ᠂ ᠣ᠊∙ᠬᠠᠩᠭᠠᠢ  ᠬᠠᠷᠴᠠᠭᠠᠢ ᠨᠠᠷ ᠤᠨ ᠲᠡᠷᠢᠭᠦᠲᠡᠢ ᠪᠥᠬᠡᠴᠦᠳ ᠵᠣᠳᠣᠭᠯᠠᠨ᠎ᠠ᠃
2011 ᠣᠨ ᠠᠴᠠ ᠡᠬᠢᠯᠡᠯ ᠲᠡᠢ ᠡᠨᠡᠬᠦ ᠪᠠᠷᠢᠯᠳᠤᠭᠠᠨ ᠳᠤ ᠤᠯᠤᠰ ᠤᠨ ᠠᠪᠤᠷᠭᠤ ᠰ∙ᠮᠥᠩᠬᠡᠪᠠᠲᠤ ᠠᠩᠬ᠎ᠠ ᠲᠦᠷᠦᠭᠦᠯᠡᠵᠦ ᠪᠠᠶᠢᠭᠰᠠᠨ ᠪᠣᠯ 2012 ᠣᠨ ᠳᠤ ᠤᠯᠤᠰ ᠤᠨ ᠵᠠᠭᠠᠨ ᠮ∙ᠦᠰᠬᠦᠪᠠᠶᠠᠷ᠂ 2013 ᠣᠨ ᠳᠤ ᠤᠯᠤᠰ ᠤᠨ ᠵᠠᠭᠠᠨ ᠪ∙ᠫᠦᠷᠪᠦᠰᠠᠶᠢᠬᠠᠨ᠂ 2014 ᠣᠨ ᠳᠤ ᠤᠯᠤᠰ ᠤᠨ ᠠᠪᠤᠷᠭᠤ ᠰ∙ᠮᠥᠩᠬᠡᠪᠠᠲᠤ᠂ 2015 ᠣᠨ ᠳᠤ ᠤᠯᠤᠰ ᠤᠨ ᠵᠠᠭᠠᠨ ᠪ∙ᠫᠦᠷᠪᠦᠰᠠᠶᠢᠬᠠᠨ᠂2016 ᠣᠨ ᠳᠤ ᠤᠯᠤᠰ ᠤᠨ ᠠᠷᠰᠯᠠᠨ ᠷ ∙ ᠫᠦᠷᠪᠦᠳᠠᠭᠪᠠ ᠲᠦᠷᠦᠭᠦᠯᠡᠵᠡᠢ᠃ ᠤᠯᠤᠰ ᠤᠨ ᠠᠪᠤᠷᠭᠤ ᠰ∙ᠮᠥᠩᠬᠡᠪᠠᠲᠤ᠂ ᠤᠯᠤᠰ ᠤᠨ ᠬᠠᠷᠴᠠᠭᠠᠢ ᠪ∙ ᠫᠦᠷᠪᠦᠰᠠᠶᠢᠬᠠᠨ ᠨᠠᠷ ᠲᠤᠰ ᠪᠦᠷᠢ ᠬᠣᠶᠠᠷ ᠤᠳᠠᠭ᠎ᠠ᠂ ᠤᠯᠤᠰ ᠤᠨ ᠵᠠᠭᠠᠨ ᠮ∙ᠦᠰᠬᠦᠪᠠᠶᠠᠷ᠂ ᠤᠯᠤᠰ ᠤᠨ ᠠᠷᠰᠯᠠᠨ ᠷ∙ᠫᠦᠷᠪᠦᠳᠠᠭᠪᠠ ᠨᠠᠷ ᠲᠤᠰ ᠪᠦᠷᠢ ᠨᠢᠭᠡ ᠤᠳᠠᠭ᠎ᠠ ᠲᠦᠷᠦᠭᠦᠯᠡᠵᠦ᠂ ᠴᠣᠮᠣ ᠶᠢᠨ ᠡᠵᠡᠨ ᠪᠣᠯᠵᠤ ᠪᠠᠶᠢᠪᠠ᠃

ᠰᠡᠳᠬᠢᠭᠳᠡᠯ ᠦᠯᠡᠳᠡᠭᠡᠬᠦ