ᠹᠷᠠᠨᠼᠢ ᠶᠢᠨ ᠰᠤᠷᠪᠤᠨᠢ ᠶᠢᠨ ᠶᠡᠬᠡ ᠰᠤᠷᠭᠠᠭᠤᠯᠢ ᠠᠴᠠ ᠵᠣᠬᠢᠶᠠᠨ ᠪᠠᠶᠢᠭᠤᠯᠤᠭᠰᠠᠨ ︽ᠰᠢᠪᠢᠷᠢ-ᠮᠣᠩᠭᠣᠯ᠄ ᠬᠢᠲᠠᠳ᠂ ᠧᠦ᠋ᠷᠣᠫᠠ ᠬᠣᠭᠣᠷᠣᠨᠳᠣ ᠶᠢᠨ ᠬᠥᠭᠵᠢᠯ ᠦᠨ ᠺᠣᠷᠢᠳᠣᠷ ᠤᠳ︾ ᠰᠡᠳᠦᠪ ᠲᠡᠢ ᠪᠠᠭ᠎ᠠ ᠬᠤᠷᠠᠯ 2018 ᠣᠨ ᠤ 12 ᠳ᠋ᠤᠭᠠᠷ ᠰᠠᠷ᠎ᠠ ᠶᠢᠨ 14-15 ᠍ ᠳᠦ ᠪᠣᠯᠵᠤ᠂ ᠤᠯᠠᠭᠠᠨᠪᠠᠭᠠᠲᠤᠷ ᠡᠷᠳᠡᠮ ᠶᠡᠬᠡ ᠰᠤᠷᠭᠠᠭᠤᠯᠢ ᠪᠣᠯᠤᠨ ᠫᠠᠷᠢᠰ ᠳᠠᠬᠢ ᠡᠯᠴᠢᠨ ᠰᠠᠶᠢᠳ ᠤᠨ ᠶᠠᠮᠤᠨ ᠬᠠᠮᠲᠤᠷᠠᠨ ᠵᠣᠬᠢᠶᠠᠨ ᠪᠠᠶᠢᠭᠤᠯᠤᠭᠴᠢ ᠪᠠᠷ ᠤᠷᠤᠯᠴᠠᠪᠠ᠃
ᠪᠠᠭ᠎ᠠ ᠬᠤᠷᠠᠯ ᠤᠨ ᠨᠡᠭᠡᠭᠡᠯᠲᠡ ᠶᠢᠨ ᠦᠢᠯᠡ ᠠᠵᠢᠯᠯᠠᠭ᠎ᠠ ᠰᠤᠷᠪᠤᠨᠢ ᠶᠡᠬᠡ ᠰᠤᠷᠭᠠᠭᠤᠯᠢ ᠶᠢᠨ ᠲᠥᠪ ᠪᠠᠶᠢᠷᠢᠨ ᠳᠤ ᠪᠣᠯᠵᠤ᠂ ᠪᠠᠭ᠎ᠠ ᠬᠤᠷᠠᠯ ᠢ ᠣᠷᠣᠰ ᠬᠣᠯᠪᠣᠭᠠᠨ ᠤ ᠤᠯᠤᠰ ᠤᠨ ᠫᠠᠷᠢᠰ ᠳᠠᠬᠢ ᠰᠤᠶᠤᠯ ᠤᠨ ᠲᠥᠪ ᠲᠦ ᠵᠣᠬᠢᠶᠠᠨ ᠪᠠᠶᠢᠭᠤᠯᠪᠠ᠃ ᠪᠠᠭ᠎ᠠ ᠬᠤᠷᠠᠯ ᠤᠨ ᠢᠯᠡᠳᠬᠡᠭᠴᠢ ᠪᠡᠷ ᠹᠷᠠᠨᠼᠢ ᠶᠢᠨ ᠡᠷᠳᠡᠮ ᠰᠢᠨᠵᠢᠯᠡᠭᠡᠨ ᠦ ᠰᠤᠳᠤᠯᠭᠠᠨ ᠤ ᠦᠨᠳᠦᠰᠦᠨ ᠦ ᠲᠥᠪ᠂ ᠭᠷᠧᠨᠣᠪᠯᠢ ᠬᠣᠲᠠ ᠶᠢᠨ ᠶᠡᠬᠡ ᠰᠤᠷᠭᠠᠭᠤᠯᠢ᠂ ᠲᠡᠮᠦᠷ ᠵᠠᠮ ᠤᠨ ᠲᠡᠭᠡᠭᠡᠪᠦᠷᠢ ᠶᠢᠨ ᠣᠯᠠᠨ ᠤᠯᠤᠰ ᠤᠨ ᠬᠣᠷᠢᠶ᠎ᠠ᠂ ᠰᠤᠷᠪᠤᠨᠢ ᠶᠡᠬᠡ ᠰᠤᠷᠭᠠᠭᠤᠯᠢ᠂ ᠡᠷᠬᠦᠦ ᠶᠢᠨ ᠶᠡᠬᠡ ᠰᠤᠷᠭᠠᠭᠤᠯᠢ᠂ ᠤᠯᠠᠭᠠᠨᠪᠠᠭᠠᠲᠤᠷ ᠡᠷᠳᠡᠮ ᠶᠡᠬᠡ ᠰᠤᠷᠭᠠᠭᠤᠯᠢ ᠶᠢᠨ ᠲᠥᠯᠥᠭᠡᠯᠡᠭᠴᠢᠳ ᠤᠷᠤᠯᠴᠠᠪᠠ᠃
ᠡᠨᠡᠬᠦ ᠪᠠᠭ᠎ᠠ ᠬᠤᠷᠠᠯ ᠤᠨ ᠭᠣᠣᠯ ᠵᠣᠷᠢᠯᠭ᠎ᠠ ᠨᠢ ᠰᠢᠨ᠎ᠡ ᠲᠣᠷᠭᠠᠨ ᠤ ᠵᠠᠮ ᠤᠨ ᠰᠠᠨᠠᠭᠠᠴᠢᠯᠠᠭ᠎ᠠ ᠪᠥᠰᠡ ᠨᠤᠲᠤᠭ ᠤᠨ ᠬᠦᠭᠵᠢᠯ ᠳᠦ ᠬᠡᠷᠬᠢᠨ ᠨᠦᠯᠦᠭᠡᠯᠡᠬᠦ᠂ ᠣᠷᠣᠰ ᠮᠣᠩᠭᠣᠯ ᠤᠯᠤᠰ ᠤᠨ ᠬᠤᠪᠢ ᠳᠤ ᠬᠡᠷᠬᠢᠨ ᠠᠰᠢᠭᠲᠠᠢ ᠤᠷᠤᠯᠴᠠᠬᠤ ᠲᠠᠯ᠎ᠠ ᠪᠠᠷ ᠶᠠᠷᠢᠯᠴᠠᠬᠤ ᠳᠤ ᠤᠷᠤᠰᠢᠪᠡ᠃ ᠠᠷᠭ᠎ᠠ ᠬᠡᠮᠵᠢᠶᠡᠨ ᠦ ᠲᠤᠰᠬᠠᠢ ᠵᠣᠴᠢᠨ ᠢᠶᠠᠷ ᠣᠷᠣᠰ ᠤᠨ ᠲᠡᠮᠦᠷ ᠵᠠᠮ ᠨᠡᠶᠢᠭᠡᠮᠯᠢᠭ ᠦᠨ ᠹᠷᠠᠨᠼᠢ ᠳ᠋ᠡᠬᠢ ᠲᠥᠯᠥᠭᠡᠯᠡᠭᠴᠢ ᠠ᠊∙ᠳᠢᠶᠺᠣᠨᠣᠪ ᠣᠷᠣᠯᠴᠠᠵᠤ᠂ ᠮᠣᠩᠭᠣᠯ ᠣᠷᠣᠰ ᠤᠨ ᠬᠤᠪᠢ ᠨᠡᠶᠢᠯᠡᠭᠦᠯᠦᠭᠰᠡᠨ ︽ᠤᠯᠠᠭᠠᠨᠪᠠᠭᠠᠲᠤᠷ ᠲᠡᠮᠦᠷ ᠵᠠᠮ︾᠍ ᠦᠨ ᠵᠢᠱᠢᠭ ᠢᠶᠡᠷ ᠹᠷᠠᠨᠼᠢ ᠶᠢᠨ ᠲᠠᠯ᠎ᠠ ᠲᠠᠢ ᠬᠠᠮᠲᠤᠷᠠᠭᠰᠠᠨ ᠺᠣᠮᠫᠠᠨᠢ ᠪᠠᠶᠢᠭᠤᠯᠵᠤ ᠠᠵᠢᠯᠯᠠᠬᠤ ᠰᠣᠨᠢᠷᠬᠠᠯᠲᠠᠢ ᠪᠤᠢ ᠪᠡᠨ ᠳᠤᠷᠠᠳᠪᠠ᠃