︽ᠠᠪᠢᠶᠠᠰᠯᠢᠭ ᠮᠣᠩᠭᠣᠯᠴᠤᠳ-3︾ ᠳᠤ ᠰ∙ᠪᠢᠯᠢᠭᠲᠦ ᠢᠯᠠᠯ᠎ᠠ | News.MN

︽ᠠᠪᠢᠶᠠᠰᠯᠢᠭ ᠮᠣᠩᠭᠣᠯᠴᠤᠳ-3︾ ᠳᠤ ᠰ∙ᠪᠢᠯᠢᠭᠲᠦ ᠢᠯᠠᠯ᠎ᠠ

ᠭᠤᠷᠪᠠᠨ ᠰᠠᠷ᠎ᠠ ᠶᠢᠨ ᠲᠤᠷᠰᠢ ᠦᠷᠭᠦᠯᠵᠢᠯᠡᠭᠰᠡᠨ ︽ᠠᠪᠢᠶᠠᠰᠯᠢᠭ ᠮᠣᠩᠭᠣᠯᠴᠤᠳ-3︾ ᠴᠡᠩᠭᠡᠭᠦᠨ ᠤ ᠡᠴᠦᠰ ᠦᠨ ᠱᠠᠲᠤᠨ ᠤ ᠰᠢᠯᠭᠠᠷᠠᠭᠤᠯᠤᠯᠲᠠ 12.16 ᠳᠦ ᠥᠨᠳᠥᠷᠯᠡᠵᠦ᠂ ᠢᠯᠠᠭᠴᠢ ᠪᠠᠷ ᠶᠢᠯᠸᠢᠴᠢᠨ ᠰ∙ᠪᠢᠯᠢᠭᠲᠦ ᠲᠣᠳᠣᠷᠠᠯ᠎ᠠ᠃ ᠲᠡᠭᠦᠨ ᠦ ᠦᠵᠡᠭᠦᠯᠪᠦᠷᠢ ᠨᠡᠶᠢᠭᠡᠮ ᠳᠦ ᠲᠤᠯᠭᠠᠮᠳᠠᠵᠤ ᠪᠠᠶᠢᠭ᠎ᠠ ᠠᠰᠠᠭᠤᠳᠠᠯ ᠢ ᠳᠡᠪᠰᠢᠭᠦᠯᠵᠦ᠂ ᠣᠯᠠᠨ ᠨᠡᠶᠢᠲᠡ ᠶᠢ ᠤᠷᠢᠶᠠᠯᠠᠭᠰᠠᠨ ᠨᠢ ᠦᠵᠡᠭᠴᠢᠳ ᠡᠴᠡ ᠬᠠᠮᠤᠭ ᠤᠨ ᠣᠯᠠᠨ ᠰᠠᠨᠠᠯ ᠠᠪᠬᠤ ᠳᠤ ᠬᠦᠷᠭᠡᠭᠰᠡᠨ ᠪᠣᠯᠪᠠ ᠤᠤ᠂ ᠬᠣᠶᠠᠳᠤᠭᠠᠷ ᠪᠠᠶᠢᠷᠢᠨ ᠳᠤ ᠣᠷᠣᠰ ᠤᠨ ᠬᠣᠯᠪᠣᠭᠠᠨ ᠤ ᠤᠯᠤᠰ ᠤᠨ ᠪᠤᠷᠢᠶᠠᠳ ᠤᠯᠤᠰ ᠠᠴᠠ ᠢᠷᠡᠵᠦ ᠣᠷᠣᠯᠴᠠᠭᠰᠠᠨ ᠼᠢᠷᠺ ᠦᠨ ᠵᠦᠵᠦᠭᠡᠴᠢᠨ ᠳᠤᠯᠮ᠎ᠠ᠂ ᠫᠠᠱᠠ ᠨᠠᠷ᠂ ᠭᠤᠷᠪᠠᠳᠤᠭᠠᠷ ᠪᠠᠶᠢᠷᠢᠨ ᠳᠤ 116 ᠬᠠᠮᠲᠤᠯᠢᠭ ᠰᠢᠯᠭᠠᠷᠠᠭᠰᠠᠨ ᠶᠤᠮ᠃  ᠶᠢᠯᠸᠢᠴᠢᠨ ᠰ∙ᠪᠢᠯᠢᠭᠲᠦ 26 ᠨᠠᠰᠤᠲᠠᠢ᠃ ᠣᠳᠣ ᠠᠴᠠ ᠳᠣᠯᠣᠭᠠᠨ ᠵᠢᠯ ᠦᠨ ᠡᠮᠦᠨ᠎ᠡ ᠶᠢᠯᠸᠢ ᠦᠵᠡᠭᠦᠯᠬᠦ ᠪᠣᠯᠤᠭᠰᠠᠨ᠃ ᠲᠡᠭᠦᠨ ᠦ ᠮᠥᠷᠥᠭᠡᠳᠦᠯ ᠨᠢ ᠳᠡᠯᠡᠬᠡᠢ ᠶᠢᠨ ᠲᠠᠪᠴᠠᠩ ᠳᠤ ᠮᠣᠩᠭᠣᠯ ᠤᠨ ᠶᠢᠯᠸᠢ ᠶᠢ ᠠᠯᠳᠠᠷᠰᠢᠭᠤᠯᠬᠤ᠃ ᠵᠠᠯᠠᠭᠤ ᠬᠦᠮᠦᠨ ᠮᠥᠷᠥᠭᠡᠳᠦᠯ ᠲᠡᠢ ᠪᠠᠶᠢᠬᠤ ᠬᠡᠷᠡᠭᠲᠡᠢ ᠭᠡᠳᠡᠭ ᠳ᠋ᠡ᠃ ᠲᠡᠷᠡᠪᠡᠷ ᠡᠨᠡ ᠵᠢᠱᠢᠭ ᠢᠶᠡᠷ ᠤᠷᠤᠭᠰᠢᠯᠠᠵᠤ ᠶᠠᠪᠤᠭ᠎ᠠ ᠪᠦᠲᠦᠭᠡᠯᠴᠢ ᠨᠢᠭᠡᠨ᠃ ᠪᠢᠽᠢᠨᠧᠰ ᠦᠨ ᠮᠧᠨᠧᠵᠮᠧᠨᠲ ᠦᠨ ᠴᠢᠭᠯᠡᠯ ᠢᠶᠡᠷ ᠰᠤᠷᠭᠠᠭᠤᠯᠢ ᠪᠠᠨ ᠲᠡᠭᠦᠰᠦᠭᠰᠡᠨ ᠳᠤ ᠪᠠᠨ ᠲᠡᠷᠡ ᠤᠤ ᠥᠪᠡᠷ ᠢ ᠪᠡᠨ ᠢᠯᠡᠷᠬᠡᠶᠢᠯᠡᠬᠦ ᠳᠦ ᠪᠡᠨ ᠶᠡᠬᠡ ᠰᠠᠶᠢᠨ ᠭᠡᠭᠳᠡᠳᠡᠭ ᠶᠤᠮ ᠪᠢᠯᠡ᠃

ᠰᠡᠳᠬᠢᠭᠳᠡᠯ ᠦᠯᠡᠳᠡᠭᠡᠬᠦ