ᠶᠠᠫᠤᠨ ᠤ ᠨᠡᠷ᠎ᠡ ᠶᠢ ᠪᠠᠷᠢᠵᠤ ᠢᠷᠭᠡᠳ ᠢ ᠵᠠᠯᠢᠯᠠᠵᠠᠢ | News.MN

ᠶᠠᠫᠤᠨ ᠤ ᠨᠡᠷ᠎ᠡ ᠶᠢ ᠪᠠᠷᠢᠵᠤ ᠢᠷᠭᠡᠳ ᠢ ᠵᠠᠯᠢᠯᠠᠵᠠᠢ

ᠣᠷᠣᠨ ᠨᠤᠲᠤᠭ ᠲᠤ ᠣᠯᠠᠨ ᠤᠯᠤᠰ ᠤᠨ ᠪᠠᠶᠢᠭᠤᠯᠤᠯᠭ᠎ᠠ ᠶᠢᠨ ᠨᠡᠷ᠎ᠡ ᠶᠢ ᠪᠠᠷᠢᠵᠤ ᠢᠷᠭᠡᠳ ᠢ ᠵᠠᠯᠢᠯᠠᠭᠰᠠᠨ ᠬᠡᠷᠡᠭ ᠭᠠᠷᠴᠠᠢ᠃ ᠲᠣᠳᠣᠷᠠᠭᠤᠯᠪᠠᠯ᠂ ︽ᠵᠠᠶᠢᠺᠠ︾ ᠣᠯᠠᠨ ᠤᠯᠤᠰ ᠤᠨ ᠪᠠᠶᠢᠭᠤᠯᠤᠯᠭ᠎ᠠ ᠶᠢᠨ ᠨᠡᠷ᠎ᠡ ᠶᠢ ᠪᠠᠷᠢᠵᠤ ᠢᠷᠭᠡᠳ ᠡᠴᠡ ᠮᠥᠩᠭᠥ ᠠᠪᠴᠤ ᠳᠠᠩᠰᠠ ᠤᠷᠤᠭᠤ ᠰᠢᠯᠵᠢᠭᠦᠯᠦᠭᠰᠡᠨ ᠬᠡᠷᠡᠭ ᠲᠦ ᠴᠠᠭᠳᠠᠭ᠎ᠠ ᠶᠢᠨ ᠪᠠᠶᠢᠭᠤᠯᠤᠯᠭ᠎ᠠ ᠠᠴᠠ ᠬᠡᠷᠡᠭ ᠪᠦᠷᠢᠳᠬᠡᠯ ᠦᠨ ᠬᠡᠷᠡᠭ ᠨᠡᠭᠡᠭᠡᠨ ᠰᠢᠯᠭᠠᠵᠤ ᠡᠬᠢᠯᠡᠵᠡᠢ᠃
ᠰᠡᠯᠡᠩᠭᠡ ᠠᠶᠢᠮᠠᠭ ᠤᠨ ᠢᠷᠦᠭᠡ ᠰᠤᠮᠤᠨ ᠳᠤ ︽ᠵᠠᠶᠢᠺᠠ︾ ᠣᠯᠠᠨ ᠤᠯᠤᠰ ᠤᠨ ᠪᠠᠶᠢᠭᠤᠯᠤᠯᠭ᠎ᠠ ᠶᠢᠨ ︽ᠰᠢᠨ᠎ᠡ ᠠᠮᠢᠳᠤᠷᠠᠯ︾ ᠨᠡᠷ᠎ᠡ ᠲᠡᠢ ᠲᠥᠰᠥᠯ ᠬᠡᠷᠡᠭᠵᠢᠭᠦᠯᠬᠦ ᠨᠡᠷ᠎ᠡ ᠪᠡᠷ ᠬᠣᠶᠠᠷ ᠢᠷᠭᠡᠨ ᠡᠴᠡ ᠮᠥᠩᠭᠥ ᠰᠢᠯᠵᠢᠭᠦᠯᠦᠨ ᠠᠪᠤᠭᠰᠠᠨ ᠭᠡᠮᠲᠦ ᠬᠡᠷᠡᠭ ᠪᠦᠷᠢᠳᠬᠡᠭᠳᠡᠵᠡᠢ᠃ ᠡᠶᠢᠮᠦ ᠳᠦ ᠢᠷᠭᠡᠳ ᠢ ᠲᠥᠰᠥᠯ ᠬᠥᠲᠥᠯᠪᠦᠷᠢ ᠳᠦ ᠬᠠᠮᠤᠷᠤᠭᠤᠯᠵᠤ᠂ ᠬᠦᠩᠭᠡᠯᠡᠯᠲᠡ ᠲᠡᠢ ᠵᠢᠭᠡᠯᠡ ᠂ ᠡᠷᠦᠬᠡ ᠶᠢᠨ ᠠᠮᠢᠵᠢᠷᠠᠭ᠎ᠠ ᠶᠢ ᠳᠡᠮᠵᠢᠬᠦ ᠠᠷᠭ᠎ᠠ ᠬᠡᠮᠵᠢᠶᠡᠨ ᠳᠦ ᠬᠠᠮᠤᠷᠤᠭᠤᠯᠤᠨ᠎ᠠ ᠭᠡᠵᠦ ᠲᠣᠳᠣᠷᠬᠠᠢ ᠬᠤᠷᠢᠶᠠᠮᠵᠢ ᠨᠡᠬᠡᠭᠰᠡᠨ ᠲᠣᠬᠢᠶᠠᠯᠳᠤᠯ ᠳᠤ ᠡᠨᠡ ᠨᠢ ᠭᠡᠮᠲᠦ ᠬᠡᠷᠡᠭ ᠦᠨ ᠰᠢᠨᠵᠢᠲᠡᠢ ᠲᠤᠯᠠ  ᠡᠶᠢᠮᠤ ᠮᠡᠳᠡᠭᠡᠯᠡᠯ ᠢ ᠨᠡᠩ ᠳᠠᠷᠤᠢ ᠴᠠᠭᠳᠠᠭ᠎ᠠ ᠶᠢᠨ ᠪᠠᠶᠢᠭᠤᠯᠤᠯᠭ᠎ᠠ ᠳᠤ ᠰᠢᠯᠭᠠᠭᠤᠯᠵᠤ ᠪᠠᠶᠢᠬᠤ ᠶᠢ ᠠᠩᠬᠠᠷᠤᠭᠤᠯᠪᠠ᠃

ᠰᠡᠳᠬᠢᠭᠳᠡᠯ ᠦᠯᠡᠳᠡᠭᠡᠬᠦ