ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠭᠤᠸᠠᠩᠵᠸᠤ ᠳᠤ ᠵᠢᠤᠳᠤᠤ ᠪᠥᠬᠡ ᠶᠢᠨ ︽ᠮᠠᠰᠲ᠋ᠸᠷᠰ︾ ᠲᠡᠮᠡᠴᠡᠭᠡᠨ ᠥᠩᠭᠡᠷᠡᠭᠴᠢ ᠠᠮᠠᠷᠠᠯᠲᠠ ᠶᠢᠨ ᠡᠳᠦᠷ ᠦᠳ ᠲᠦ ᠪᠣᠯᠤᠯ᠎ᠠ᠃ ᠵᠥᠪᠬᠡᠨ ᠵᠢᠩ ᠲᠤᠰ ᠪᠦᠷᠢ ᠶᠢᠨ ᠰᠢᠯᠢᠳᠡᠭ 16 ᠵᠢᠤᠳᠤᠤᠴᠢ ᠣᠷᠣᠯᠴᠠᠳᠠᠭ ︽ᠮᠠᠰᠲ᠋ᠸᠷᠰ︾᠍ ᠠᠴᠠ ᠯ∙ᠣᠳᠬᠣᠨᠪᠠᠭᠠᠲᠤᠷ ᠮᠥᠩᠭᠥᠨ ᠮᠧᠳᠠᠯ ᠬᠦᠷᠲᠡᠯ᠎ᠡ᠃ ᠲᠡᠷᠡ ᠠᠯᠲᠠᠨ ᠮᠧᠳᠠᠯ ᠤᠨ ᠲᠥᠯᠥᠭᠡ ᠪᠠᠷᠢᠯᠳᠤᠬᠤ ᠡᠷᠬᠡ ᠲᠡᠢ ᠪᠠᠶᠢᠭᠰᠠᠨ ᠴᠦ ᠭᠡᠮᠲᠦᠯ ᠦᠨ ᠤᠯᠠᠮ ᠠᠴᠠ ᠳᠡᠪᠵᠢᠶᠡᠨ ᠳᠦ ᠭᠠᠷᠤᠭ᠎ᠠ᠃ ᠲᠡᠮᠡᠴᠡᠭᠡᠨ ᠦ ᠡᠬᠢᠨ ᠦ ᠡᠳᠦᠷ ᠮᠠᠨ ᠤ ᠪᠥᠬᠡᠴᠦᠳ ᠡᠴᠡ ᠳ∙ᠠᠮᠤᠷᠲᠦ᠋ᠪᠰᠢᠨ᠂ ᠳ∙ᠠᠯᠲᠠᠨᠰᠦ᠋ᠬᠡ ᠨᠠᠷ ᠬᠦᠷᠡᠯ ᠮᠧᠳᠠᠯ ᠬᠦᠷᠲᠡᠭᠰᠡᠨ ᠶᠤᠮ᠃
ᠡᠨᠡ ᠵᠢᠯ ᠦᠨ ︽ᠮᠠᠰᠲ᠋ᠸᠷᠰ︾ ᠲᠤ ᠳᠡᠯᠡᠬᠡᠢ ᠶᠢᠨ ᠠᠪᠤᠷᠭᠤ ᠮ∙ᠦᠷᠠᠨᠴᠡᠴᠡᠭ ᠱᠠᠩᠨᠠᠯᠲᠤ ᠲᠠᠪᠤᠳᠤᠭᠠᠷ ᠪᠠᠶᠢᠷᠢ ᠡᠵᠡᠯᠡᠭᠰᠡᠨ ᠪᠣᠯ ᠳᠡᠯᠡᠬᠡᠢ ᠶᠢᠨ ᠠᠪᠤᠷᠭᠤ᠂ ᠣᠯᠢᠮᠫ ᠤᠨ ᠬᠦᠷᠡᠯ ᠮᠸᠳᠠᠯᠲᠤ ᠳ∙ᠰᠤᠮᠢᠶ᠎ᠠ ᠱᠠᠩᠨᠠᠯᠲᠤ ᠳᠣᠯᠣᠳᠤᠭᠠᠷ ᠪᠠᠶᠢᠷᠢ ᠡᠵᠡᠯᠡᠪᠡ᠃ 53 ᠣᠷᠣᠨ ᠤ ᠵᠢᠦᠳᠤᠤᠴᠢᠳ ᠥᠷᠢᠰᠦᠯᠳᠦᠭᠰᠡᠨ ︽ᠮᠠᠰᠲ᠋ᠸᠷᠰ︾ ᠲᠤ ᠮᠠᠨ ᠤ 13 ᠪᠦᠬᠡ ᠥᠷᠢᠰᠦᠯᠳᠦᠭᠰᠡᠨ ᠡᠴᠡ ᠨᠢᠭᠡ ᠮᠥᠩᠭᠥ᠂ ᠬᠣᠶᠠᠷ ᠬᠦᠷᠡᠯ᠂ ᠱᠠᠩᠨᠠᠯᠲᠤ ᠲᠠᠪᠤᠳᠤᠭᠠᠷ ᠪᠠᠶᠢᠷᠢ ᠳᠤ ᠬᠣᠶᠠᠷ᠂ ᠳᠣᠯᠣᠳᠤᠭᠠᠷ ᠪᠠᠶᠢᠷᠢ ᠳᠤ ᠳᠥᠷᠪᠡᠨ ᠪᠥᠬᠡ ᠣᠷᠣᠯ᠎ᠠ᠃ 2010 ᠣᠨ ᠠᠴᠠ ᠬᠣᠶᠢᠰᠢ ᠵᠣᠬᠢᠶᠠᠨ ᠪᠠᠶᠢᠭᠤᠯᠤᠭᠳᠠᠵᠤ ᠡᠬᠢᠯᠡᠭᠰᠡᠨ ︽ᠮᠠᠰᠲ᠋ᠸᠷᠰ︾ ᠲᠤ ᠮᠠᠨ ᠤ ᠪᠥᠬᠡᠴᠦᠳ ᠵᠢᠯ ᠪᠦᠷᠢ ᠠᠯᠲᠠᠨ ᠮᠧᠳᠠᠯ ᠬᠦᠷᠲᠡᠵᠤ ᠪᠠᠶᠢᠭᠰᠠᠨ ᠪᠣᠯ ᠡᠨᠡ ᠵᠢᠯ ᠠᠪᠤᠷᠭᠤ ᠪᠣᠯᠬᠤ ᠪᠥᠬᠡ ᠪᠠᠶᠢᠭᠰᠠᠨ ᠦᠭᠡᠢ᠃