ᠵᠠᠮ ᠤᠨ ᠳᠦᠷᠢᠮ ᠦᠨ ᠮᠡᠳᠡᠯᠭᠡ ᠪᠡᠷ ᠢᠶᠡᠨ ᠦᠷᠢᠰᠦᠯᠳᠦᠵᠡᠢ | News.MN

ᠵᠠᠮ ᠤᠨ ᠳᠦᠷᠢᠮ ᠦᠨ ᠮᠡᠳᠡᠯᠭᠡ ᠪᠡᠷ ᠢᠶᠡᠨ ᠦᠷᠢᠰᠦᠯᠳᠦᠵᠡᠢ

︽ᠨᠣᠭᠣᠭᠠᠨ ᠭᠡᠷᠡᠯ ᠴᠠᠭᠠᠨ ᠱᠤᠭᠤᠮ︾ ᠲᠡᠮᠡᠴᠡᠭᠡᠨ ᠢ ᠪᠠᠭ᠎ᠠ ᠠᠩᠬᠢ ᠶᠢᠨ ᠰᠤᠷᠤᠭᠴᠢᠳ ᠤᠨ ᠳᠤᠮᠳᠠ ᠵᠢᠯ ᠪᠦᠷᠢ ᠵᠣᠬᠢᠶᠠᠨ ᠪᠠᠶᠢᠭᠤᠯᠬᠤ ᠨᠢ ᠵᠠᠮ ᠤᠨ ᠬᠥᠳᠡᠯᠭᠡᠭᠡᠨ ᠦ ᠳᠦᠷᠢᠮ᠂ ᠠᠶᠤᠯ ᠦᠭᠡᠢ ᠪᠠᠶᠢᠳᠠᠯ ᠢ ᠬᠡᠦᠬᠡᠳ ᠦᠳ ᠪᠠᠭ᠎ᠠ ᠠᠴᠠ ᠪᠠᠨ ᠮᠡᠳᠡᠵᠦ ᠥᠪᠡᠷ ᠢ ᠪᠡᠨ ᠪᠣᠯᠤᠨ ᠪᠤᠰᠤᠳ ᠢ ᠠᠯᠢᠪᠠ ᠡᠷᠡᠰᠳᠡᠯ ᠡᠴᠡ ᠬᠠᠮᠠᠭᠠᠯᠠᠵᠤ ᠰᠤᠷᠬᠤ ᠳᠠᠪᠠᠭᠤ ᠲᠠᠯ᠎ᠠ ᠲᠠᠢ ᠭᠡᠵᠦ ᠵᠠᠮ ᠤᠨ ᠴᠠᠭᠳᠠᠭ᠎ᠠ ᠶᠢᠨ ᠭᠠᠵᠠᠷ ᠤᠨ ᠬᠢᠨ ᠬᠡᠯᠡᠵᠦ ᠪᠠᠶᠢᠨ᠎ᠠ᠃ ᠡᠨᠡ ᠤᠳᠠᠭ᠎ᠠ ᠶᠢᠨ ᠲᠡᠮᠡᠴᠡᠭᠡᠨ ᠢ ᠣᠷᠬᠣᠨ ᠠᠶᠢᠮᠠᠭ ᠤᠨ ᠵᠠᠰᠠᠭ ᠳᠠᠷᠤᠭ᠎ᠠ ᠶᠢᠨ ᠢᠪᠡᠭᠡᠯ ᠳᠣᠣᠷ᠎ᠠ ᠵᠣᠬᠢᠶᠠᠨ ᠪᠠᠶᠢᠭᠤᠯᠵᠤ ᠨᠡᠶᠢᠲᠡ 12 ᠰᠤᠷᠭᠠᠭᠤᠯᠢ ᠶᠢᠨ 200 ᠭᠠᠷᠤᠢ ᠰᠤᠷᠤᠭᠴᠢ ᠣᠷᠣᠯᠴᠠᠯ᠎ᠠ᠃ ᠡᠭᠦᠨ ᠡᠴᠡ 7 ᠳ᠋ᠤᠭᠠᠷ ᠰᠤᠷᠭᠠᠭᠤᠯᠢ ᠨᠢᠭᠡᠳᠦᠭᠡᠷ ᠪᠠᠶᠢᠷᠢ᠂ 20 ᠳ᠋ᠤᠭᠠᠷ ᠰᠤᠷᠭᠠᠭᠤᠯᠢ ᠬᠣᠶᠠᠳᠤᠭᠠᠷ ᠪᠠᠶᠢᠷᠢ᠂ 14 ᠳ᠋ᠤᠭᠡᠷ ᠰᠤᠷᠭᠠᠭᠤᠯᠢ ᠭᠤᠷᠪᠠᠳᠤᠭᠠᠷ ᠪᠠᠶᠢᠷᠢᠨ ᠳᠤ ᠣᠷᠣᠯ᠎ᠠ᠃

ᠲᠡᠮᠡᠴᠡᠭᠡᠨ ᠦ ᠦᠶ᠎ᠡ ᠪᠡᠷ ᠵᠠᠮ ᠤᠨ ᠴᠠᠭᠳᠠᠭ᠎ᠠ ᠶᠢᠨ ᠭᠠᠵᠠᠷ ᠤᠨ ᠬᠢᠨ 2017 ᠣᠨ ᠳᠤ ᠠᠦ᠋ᠲ᠋ᠣ᠋ ᠵᠠᠮ ᠤᠨ ᠣᠰᠣᠯ ᠳᠤ ᠥᠷᠲᠦᠭᠰᠡᠨ ᠬᠡᠦᠬᠡᠳ ᠦᠳ ᠦᠨ ᠲᠠᠯ᠎ᠠ ᠪᠠᠷ ᠳᠤᠷᠠᠳᠬᠤ ᠳᠤ ᠪᠠᠨ᠂ ᠡᠴᠢᠭᠡ ᠡᠬᠡ ᠠᠰᠠᠷᠠᠨ ᠬᠠᠮᠠᠭᠠᠯᠠᠭᠴᠢ ᠨᠠᠷ ᠬᠡᠦᠬᠡᠳ ᠦᠳ ᠲᠤ ᠪᠠᠨ ᠭᠡᠷᠡᠯ ᠦᠨ ᠳᠣᠬᠢᠶ᠎ᠠ ᠪᠠᠷ ᠵᠠᠮ ᠬᠥᠨᠳᠡᠯᠡᠨ ᠭᠠᠷᠭᠠᠵᠤ ᠰᠤᠷᠭᠠᠭ᠎ᠠ ᠦᠭᠡᠢ ᠡᠴᠡ ᠥᠪᠡᠷ ᠢ ᠪᠡᠨ ᠪᠣᠯᠤᠨ ᠪᠤᠰᠤᠳ ᠢ ᠬᠣᠬᠢᠷᠠᠭᠠᠵᠤ ᠪᠠᠶᠢᠭ᠎ᠠ ᠲᠠᠯ᠎ᠠ ᠪᠠᠷ ᠣᠨᠴᠠᠯᠠᠯ᠎ᠠ᠃ ᠮᠥᠨ ᠬᠡᠦᠬᠡᠳ ᠦᠳ ᠮᠠᠰᠢᠨ ᠳᠤ ᠰᠠᠭᠤᠬᠤ ᠪᠣᠯᠤᠨ ᠪᠠᠭᠤᠬᠤ ᠳᠤ ᠪᠠᠨ ᠪᠡᠷᠲᠡᠬᠦ᠂ ᠠᠦ᠋ᠲ᠋ᠣᠪᠦ᠋ᠰ ᠠᠴᠠ ᠪᠠᠭᠤᠭᠠᠳ ᠰᠢᠭᠤᠳ ᠵᠠᠮ ᠬᠥᠨᠳᠡᠯᠡᠨ ᠭᠠᠷᠬᠤ ᠭᠡᠵᠦ ᠭᠦᠶᠦᠵᠦ ᠪᠣᠯᠬᠤ ᠦᠭᠡᠢ ᠶᠢ ᠠᠩᠬᠠᠷᠤᠭᠤᠯᠤᠭᠰᠠᠨ ᠶᠤᠮ᠃ ᠥᠩᠭᠡᠷᠡᠭᠰᠡᠨ ᠣᠨ ᠳᠤ ᠣᠷᠬᠣᠨ ᠠᠶᠢᠮᠠᠭ ᠲᠤ ᠳᠣᠯᠣᠭᠠᠨ ᠬᠡᠦᠬᠡᠳ ᠵᠠᠮ ᠤᠨ ᠬᠥᠳᠡᠯᠭᠡᠭᠡᠨ ᠳᠦ ᠣᠷᠣᠯᠴᠠᠬᠤ ᠳᠤ ᠪᠠᠨ ᠭᠡᠮᠲᠦᠵᠦ ᠨᠢᠭᠡ ᠨᠢ ᠨᠠᠰᠤ ᠪᠠᠷᠠᠵᠠᠢ᠃ ᠬᠠᠷᠢᠨ ᠡᠨᠡ ᠣᠨ ᠳᠤ ᠨᠠᠢᠮᠠᠨ ᠬᠡᠦᠬᠡᠳ ᠪᠡᠷᠲᠡᠵᠦ ᠨᠢᠭᠡ ᠬᠡᠦᠬᠡᠳ ᠨᠠᠰᠤ ᠪᠠᠷᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ