ᠡᠮᠡᠭᠲᠡᠢ ᠪᠣᠺᠰᠴᠢᠳ ᠬᠠᠰᠠᠭᠰᠲ᠋ᠠᠨ ᠢ ᠵᠣᠷᠢᠯ᠎ᠠ | News.MN

ᠡᠮᠡᠭᠲᠡᠢ ᠪᠣᠺᠰᠴᠢᠳ ᠬᠠᠰᠠᠭᠰᠲ᠋ᠠᠨ ᠢ ᠵᠣᠷᠢᠯ᠎ᠠ

ᠥᠨᠥᠳᠥᠷ ᠮᠣᠩᠭᠣᠯ ᠤᠨ ᠪᠣᠺᠰ ᠤᠨ ᠬᠣᠯᠪᠣᠭᠠᠨ ᠠᠴᠠ ᠪᠠᠲᠤᠯᠠᠭᠰᠠᠨ ᠲᠥᠯᠦᠪᠯᠡᠭᠡᠨ ᠦ ᠳᠠᠭᠠᠤ ᠪᠣᠺᠰ ᠤᠨ ᠡᠮᠡᠭᠲᠡᠢ ᠰᠢᠭᠰᠢᠭᠡ ᠪᠠᠭ ᠤᠨ ᠲᠠᠮᠢᠷᠴᠢᠳ ᠣᠯᠠᠨ ᠤᠯᠤᠰ ᠤᠨ ᠲᠡᠮᠡᠴᠡᠭᠡᠨ ᠳᠦ ᠣᠷᠣᠯᠴᠠᠬᠤ ᠪᠠᠷ ᠬᠠᠰᠠᠭᠰᠲ᠋ᠠᠨ ᠢ ᠵᠣᠷᠢᠯ᠎ᠠ᠃ ᠳᠠᠰᠬᠠᠯᠵᠢᠭᠤᠯᠤᠭᠴᠢ ᠪ∙ᠫᠦᠷᠪᠤᠸ᠋ᠴᠢᠷ᠂ ᠬ∙ᠬᠠᠶᠢᠨᠠᠷ ᠤᠨ ᠤᠳᠤᠷᠢᠳᠤᠯᠭ᠎ᠠ ᠳᠣᠣᠷ᠎ᠠ 51 ᠺᠢᠯᠦᠭᠷᠡᠮ ᠳᠦ ᠰᠫᠣᠷᠲ ᠤᠨ ᠮᠠᠰᠲ᠋ᠸᠷ ᠮ∙ᠡᠩᠬᠡᠵᠢᠷᠭᠠᠯ᠂ 57 ᠺᠢᠯᠦᠭᠷᠡᠮ ᠳᠦ ᠰᠫᠣᠷᠲ ᠤᠨ ᠮᠠᠰᠲ᠋ᠸᠷ ᠡ᠊∙ᠮᠡᠴᠢᠳᠮ᠎ᠠ᠂ 60 ᠺᠢᠯᠦᠭᠷᠡᠮ ᠳᠦ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠮ∙ᠨᠠᠮᠤᠭᠤᠨ᠂ 75 ᠺᠢᠯᠦᠭᠷᠡᠮ ᠳᠦ ᠰᠫᠣᠷᠲ ᠤᠨ ᠮᠠᠰᠲ᠋ᠸᠷ ᠮ∙ᠮᠢᠭᠮᠠᠷᠵᠢᠷᠭᠠᠯ ᠺᠠᠷᠠᠭᠠᠨᠳᠠ ᠬᠤᠲᠠ ᠳᠤ ᠪᠣᠯᠬᠤ ᠭ∙ᠵᠠᠷᠢᠯᠭᠠᠫᠤᠪ ᠤᠨ ᠨᠡᠷᠡᠮᠵᠢᠲᠦ ᠣᠯᠠᠨ ᠤᠯᠤᠰ ᠤᠨ A ᠵᠡᠷᠭᠡᠯᠡᠯ ᠦᠨ ᠲᠡᠮᠡᠴᠡᠭᠡᠨ ᠳᠦ ᠣᠷᠣᠯᠴᠠᠨ᠎ᠠ᠃ ᠮᠥᠨ ᠡᠨᠡᠬᠦ ᠲᠡᠮᠡᠴᠡᠭᠡᠨ ᠦ ᠳᠠᠷᠠᠭ᠎ᠠ ᠬᠠᠮᠲᠤᠷᠠᠭᠰᠠᠨ ᠪᠡᠯᠡᠳᠬᠡᠯ ᠢ ᠬᠢᠬᠦ ᠪᠡᠷ ᠪᠣᠯᠵᠠᠢ᠃ ᠲᠡᠮᠡᠴᠡᠭᠡᠨ ᠢᠷᠡᠬᠦ ᠳᠣᠯᠣᠭ᠎ᠠ ᠬᠣᠨᠣᠭ ᠲᠤ ᠪᠣᠯᠬᠤ ᠶᠤᠮ᠃

ᠰᠡᠳᠬᠢᠭᠳᠡᠯ ᠦᠯᠡᠳᠡᠭᠡᠬᠦ