ᠡᠨᠡ ᠰᠠᠷ᠎ᠠ ᠶᠢᠨ 12 ᠍ ᠤ ᠪᠠᠶᠢᠳᠠᠯ ᠢᠶᠠᠷ ᠭᠣᠣᠯ ᠨᠡᠷ᠎ᠡ ᠶᠢᠨ ᠪᠠᠷᠠᠭᠠᠨ ᠤ ᠦᠨ᠎ᠡ ᠶᠢ ᠡᠮᠦᠨᠡᠬᠢ ᠰᠠᠷ᠎ᠠ ᠲᠠᠢ ᠬᠠᠷᠢᠴᠠᠭᠤᠯᠬᠤ ᠳᠤ 5.4 ᠬᠤᠪᠢ᠂ ᠡᠮᠦᠨᠡᠬᠢ ᠳᠣᠯᠣᠭ᠎ᠠ ᠬᠣᠨᠣᠭ ᠲᠠᠢ ᠬᠠᠷᠢᠴᠠᠭᠤᠯᠬᠤ ᠳᠤ 2.9 ᠬᠤᠪᠢ ᠪᠠᠷ ᠥᠰᠦᠭᠰᠡᠨ ᠪᠠᠶᠢᠨ᠎ᠠ᠃ ᠬᠣᠨᠢᠨ ᠤ ᠶᠠᠰᠤ ᠲᠠᠢ ᠮᠢᠬᠠᠨ ᠤ ᠦᠨ᠎ᠡ ᠡᠮᠦᠨᠡᠬᠢ ᠰᠠᠷ᠎ᠠ ᠠᠴᠠ 3.8᠂ ᠦᠬᠡᠷ ᠦᠨ ᠶᠠᠰᠤ ᠲᠠᠢ ᠮᠢᠬᠠᠨ ᠤ ᠦᠨ᠎ᠡ 7.3 ᠬᠤᠪᠢ᠂ ᠦᠬᠡᠷ ᠦᠨ ᠴᠤᠯᠤ ᠮᠢᠬᠠᠨ ᠤ ᠦᠨ᠎ᠡ 9.1 ᠬᠤᠪᠢ᠂ ᠢᠮᠠᠭᠠᠨ ᠤ ᠶᠠᠰᠤ ᠲᠠᠢ ᠮᠢᠬᠠᠨ ᠤ ᠦᠨ᠎ᠡ 12.2 ᠬᠤᠪᠢ᠂ ᠠᠳᠤᠭᠤᠨ ᠤ ᠶᠠᠰᠤ ᠲᠠᠢ ᠮᠢᠬᠠᠨ ᠤ ᠦᠨ᠎ᠡ 10.4 ᠬᠤᠪᠢ ᠪᠠᠷ ᠥᠰᠦᠭᠰᠡᠨ ᠪᠠᠶᠢᠨ᠎ᠠ᠃ ᠡᠮᠦᠨᠡᠬᠢ ᠳᠣᠯᠣᠭ᠎ᠠ ᠬᠣᠨᠣᠭ ᠲᠠᠢ ᠬᠠᠷᠢᠴᠠᠭᠤᠯᠬᠤ ᠳᠤ ᠬᠣᠨᠢᠨ ᠤ ᠶᠠᠰᠤ ᠲᠠᠢ ᠮᠢᠬᠠᠨ ᠤ ᠦᠨ᠎ᠡ 3.4 ᠬᠤᠪᠢ᠂ ᠦᠬᠡᠷ ᠦᠨ ᠶᠠᠰᠤ ᠲᠠᠢ ᠮᠢᠬᠠᠨ ᠤ ᠦᠨ᠎ᠡ7.5 ᠬᠤᠪᠢ᠂ ᠦᠬᠡᠷ ᠦᠨ ᠴᠤᠯᠤ ᠮᠢᠬᠠᠨ ᠤ ᠦᠨ᠎ᠡ 9.1 ᠬᠤᠪᠢ᠂ ᠢᠮᠠᠭᠠᠨ ᠤ ᠶᠠᠰᠤ ᠲᠠᠢ ᠮᠢᠬᠠᠨ ᠤ ᠦᠨ᠎ᠡ 10.2 ᠬᠤᠪᠢ᠂ ᠠᠳᠤᠭᠤᠨ ᠤ ᠶᠠᠰᠤ ᠲᠠᠢ ᠮᠢᠬᠠᠨ ᠤ ᠦᠨ᠎ᠡ 7.1 ᠬᠤᠪᠢ ᠪᠠᠷ ᠥᠰᠦᠭᠰᠡᠨ ᠪᠠᠶᠢᠨ᠎ᠠ᠃ ᠨᠢᠭᠡ ᠺᠢᠯᠦᠭᠷᠡᠮ ᠬᠣᠨᠢᠨ ᠤ ᠶᠠᠰᠤ ᠲᠠᠢ ᠮᠢᠬ᠎ᠠ ᠳᠤᠮᠳᠠᠴᠢ ᠪᠠᠷ 6680 ᠲᠥᠭᠥᠷᠢᠭ᠂ ᠦᠬᠡᠷ ᠦᠨ ᠶᠠᠰᠤ ᠲᠠᠢ ᠮᠢᠬ᠎ᠠ 8420 ᠲᠥᠭᠥᠷᠢᠭ᠂ ᠦᠬᠡᠷ ᠦᠨ ᠴᠤᠯᠤ ᠮᠢᠬ᠎ᠠ 10210 ᠲᠥᠭᠥᠷᠢᠭ᠂ ᠠᠳᠤᠭᠤᠨ ᠤ ᠶᠠᠰᠤ ᠲᠠᠢ ᠮᠢᠬ᠎ᠠ 6450 ᠲᠥᠭᠥᠷᠢᠭ᠂ ᠢᠮᠠᠭᠠᠨ ᠤ ᠶᠠᠰᠤ ᠲᠠᠢ ᠮᠢᠬ᠎ᠠ 5400 ᠲᠥᠭᠥᠷᠢᠭ ᠦᠨ ᠦᠨ᠎ᠡ ᠲᠡᠢ ᠪᠠᠶᠢᠪᠠ᠃
ᠭᠤᠯᠢᠷ ᠤᠨ ᠦᠨ᠎ᠡ ᠡᠮᠦᠨᠡᠬᠢ ᠰᠠᠷ᠎ᠠ ᠠᠴᠠ 0.6-5.0 ᠬᠤᠪᠢ ᠪᠠᠷ ᠥᠰᠦᠭᠰᠡᠨ ᠪᠠᠶᠢᠨ᠎ᠠ᠃ ᠴᠠᠭᠠᠨ ᠪᠤᠳᠠᠭᠠᠨ ᠤ ᠦᠨ᠎ᠡ ᠡᠮᠦᠨᠡᠬᠢ ᠰᠠᠷ᠎ᠠ ᠠᠴᠠ 16.4 ᠬᠤᠪᠢ ᠪᠠᠷ ᠥᠰᠦᠭᠰᠡᠨ ᠪᠣᠯ ᠡᠮᠦᠨᠡᠬᠢ ᠳᠣᠯᠣᠭ᠎ᠠ ᠬᠣᠨᠣᠭ ᠠᠴᠠ ᠥᠭᠡᠷᠡᠴᠢᠯᠡᠯᠲᠡ ᠦᠭᠡᠢ ᠪᠠᠶᠢᠨ᠎ᠠ᠃ ᠡᠯᠡᠰᠦᠨ ᠰᠢᠬᠢᠷ ᠦᠨ ᠦᠨ᠎ᠡ ᠡᠮᠦᠨᠡᠬᠢ ᠰᠠᠷ᠎ᠠ ᠠᠴᠠ ᠥᠭᠡᠷᠡᠴᠢᠯᠡᠯᠲᠡ ᠦᠭᠡᠢ ᠪᠠᠶᠢᠨ᠎ᠠ᠃ ᠡᠮᠦᠨᠡᠬᠢ ᠰᠠᠷ᠎ᠠ ᠶᠢᠨ ᠳᠤᠮᠳᠠᠴᠢ ᠦᠨ᠎ᠡ ᠲᠠᠢ ᠬᠠᠷᠢᠴᠠᠭᠤᠯᠬᠤ ᠳᠤ ᠲᠥᠮᠦᠰᠦᠨ ᠦ ᠦᠨ᠎ᠡ 3.2 ᠬᠤᠪᠢ ᠪᠠᠷ ᠥᠰᠦᠭᠰᠡᠨ ᠪᠣᠯ ᠯᠤᠤᠪᠠᠩ ᠤᠨ ᠦᠨ᠎ᠡ 2.1 ᠬᠤᠪᠢ᠂ ᠪᠠᠢ ᠼᠠᠢ ᠶᠢᠨ ᠦᠨ᠎ᠡ 9.3 ᠬᠤᠪᠢ᠂ ᠬᠦᠷᠡᠩ ᠮᠠᠨᠵᠢᠨ ᠤ ᠦᠨ᠎ᠡ 0.5 ᠬᠤᠪᠢ᠂ ᠰᠤᠩᠭᠢᠨ᠎ᠠ ᠶᠢᠨ ᠦᠨ᠎ᠡ 0.8 ᠬᠤᠪᠢ ᠪᠠᠷ ᠪᠠᠭᠤᠷᠠᠭᠰᠠᠨ ᠪᠠᠶᠢᠨ᠎ᠠ᠃ ᠰᠦᠨ ᠦ ᠦᠨ᠎ᠡ ᠥᠭᠡᠷᠡᠴᠢᠯᠡᠯᠲᠡ ᠦᠭᠡᠢ ᠪᠠᠶᠢᠨ᠎ᠠ᠃ ᠥᠨᠳᠡᠭᠡᠨ ᠦ ᠦᠨ᠎ᠡ ᠡᠮᠦᠨᠡᠬᠢ ᠰᠠᠷ᠎ᠠ ᠠᠴᠠ 20.0 ᠬᠤᠪᠢ᠂ ᠡᠮᠦᠨᠡᠬᠢ ᠳᠣᠯᠣᠭ᠎ᠠ ᠬᠣᠨᠣᠭ ᠠᠴᠠ 3.1 ᠬᠤᠪᠢ ᠪᠠᠷ ᠥᠰᠦᠭᠰᠡᠨ ᠪᠠᠶᠢᠨ᠎ᠠ᠃