ᠳ᠋ᠠᠴᠢᠩ ᠲᠠᠮᠰᠤᠭ ᠺᠣᠮᠫᠠᠨᠢ ᠳᠠᠬᠢᠨ ᠵᠥᠷᠢᠴᠡᠯ ᠭᠠᠷᠭᠠᠵᠠᠢ | News.MN

ᠳ᠋ᠠᠴᠢᠩ ᠲᠠᠮᠰᠤᠭ ᠺᠣᠮᠫᠠᠨᠢ ᠳᠠᠬᠢᠨ ᠵᠥᠷᠢᠴᠡᠯ ᠭᠠᠷᠭᠠᠵᠠᠢ

ᠵᠠᠰᠠᠭ ᠤᠨ ᠭᠠᠵᠠᠷ ᠲᠠᠢ ᠪᠦᠲᠦᠭᠡᠭᠳᠡᠬᠦᠨ ᠬᠤᠪᠢᠶᠠᠬᠤ ᠭᠡᠷ᠎ᠡ ᠪᠠᠶᠢᠭᠤᠯᠵᠤ᠂ ᠳᠣᠷᠣᠨᠠᠲᠤ ᠠᠶᠢᠮᠠᠭ ᠤᠨ ᠲᠠᠮᠰᠤᠭ ᠤᠨ ᠰᠠᠪᠠ ᠭᠠᠵᠠᠷ ᠲᠤ 2005 ᠣᠨ ᠠᠴᠠ ᠬᠣᠶᠢᠰᠢ ᠦᠢᠯᠡ ᠠᠵᠢᠯᠯᠠᠭ᠎ᠠ ᠶᠠᠪᠤᠭᠤᠯᠵᠤ ᠪᠤᠢ ᠬᠢᠲᠠᠳ  ᠤᠨ ᠬᠥᠷᠥᠩᠭᠡ ᠣᠷᠣᠭᠤᠯᠤᠯᠲᠠ ᠲᠠᠢ ︽ᠫᠧᠲ᠋ᠷᠣ᠋ ᠴᠠᠶᠢᠨᠠ ᠳ᠋ᠠᠴᠢᠩ ᠲᠠᠮᠰᠤᠭ︾ ᠺᠣᠮᠫᠠᠨᠢ ᠶᠢᠨ ᠭᠠᠵᠠᠷ ᠤᠨ ᠲᠣᠰᠣ ᠲᠡᠭᠡᠭᠡᠪᠦᠷᠢᠯᠡᠬᠦ ᠦᠢᠯᠡ ᠠᠵᠢᠯᠯᠠᠭ᠎ᠠ ᠶᠢ ᠵᠤᠭᠰᠤᠭᠠᠵᠠᠢ᠃ ᠲᠤᠰ ᠺᠣᠮᠫᠠᠨᠢ ᠪᠢᠴᠢᠭᠲᠦ ᠶᠢᠨ ᠪᠣᠭᠣᠮᠲᠠ ᠤᠷᠤᠭᠤ ᠡᠳᠦᠷ ᠲᠦ 80-100 ᠮᠠᠰᠢᠨ ᠢᠶᠠᠷ ᠨᠧᠹᠲ ᠵᠥᠭᠡᠭᠡᠳᠡᠭ᠃ ᠭᠡᠪᠡᠴᠦ ᠭᠠᠵᠠᠷ ᠤᠨ ᠲᠣᠰᠤᠨ ᠤ ᠪᠦᠲᠦᠭᠡᠭᠳᠡᠬᠦᠨ ᠲᠡᠭᠡᠭᠡᠪᠦᠷᠢᠯᠡᠬᠦ ᠵᠠᠮ ᠳᠤ ᠬᠥᠷᠦᠰᠦᠨ ᠦ ᠪᠤᠬᠢᠷᠳᠤᠯ᠂ ᠳᠣᠷᠣᠶᠢᠲᠠᠯ ᠡᠭᠦᠰᠴᠦ᠂ ᠭᠠᠵᠠᠷ ᠤᠨ ᠤᠷᠭᠤᠮᠠᠯ ᠤᠨ ᠪᠦᠷᠬᠦᠪᠴᠢ ᠲᠠᠯᠬᠢᠯᠠᠭᠳᠠᠬᠤ ᠨᠥᠬᠥᠴᠡᠯ ᠡᠭᠦᠰᠦᠭᠰᠡᠨ ᠪᠠᠶᠢᠭᠰᠠᠨ ᠢ ᠲᠤᠰ ᠠᠶᠢᠮᠠᠭ ᠤᠨ ᠮᠡᠷᠭᠡᠵᠢᠯ ᠦᠨ ᠬᠢᠨᠠᠯᠲᠠ ᠶᠢᠨ ᠭᠠᠵᠠᠷ ᠢᠯᠡᠷᠡᠭᠦᠯᠵᠡᠢ᠃
ᠮᠥᠨ ᠵᠠᠮ ᠤᠨ ᠲᠡᠮᠳᠡᠭᠯᠡᠭᠡ ᠶᠢ ᠰᠲ᠋ᠠᠨᠳᠠᠷᠲ ᠤᠨ ᠳᠠᠭᠠᠤ ᠪᠠᠶᠢᠷᠢᠯᠠᠭᠤᠯᠤᠭ᠎ᠠ ᠦᠭᠡᠢ᠂ ᠬᠥᠳᠡᠯᠭᠡᠭᠡᠨ ᠦ ᠴᠢᠭᠯᠡᠯ ᠤᠷᠤᠰᠬᠠᠯ ᠢ ᠵᠥᠪᠰᠢᠶᠡᠷᠡᠯ ᠦᠭᠡᠢ ᠪᠡᠷ ᠵᠥᠷᠢᠴᠡᠭᠰᠡᠨ᠂ ᠠᠶᠤᠯ ᠦᠭᠡᠢ ᠪᠠᠶᠢᠳᠠᠯ ᠢ ᠬᠠᠩᠭᠠᠬᠤ ᠳᠤ ᠰᠠᠭᠠᠳ ᠤᠴᠠᠷᠠᠭᠤᠯᠬᠤ ᠣᠯᠠᠨ ᠵᠥᠷᠢᠴᠡᠯ ᠭᠠᠷᠭᠠᠭᠰᠠᠨ ᠪᠠᠶᠢᠨ᠎ᠠ᠃ ᠲᠡᠳᠡ ᠨᠧᠹᠲ ᠲᠡᠭᠡᠭᠡᠪᠦᠷᠢᠯᠡᠬᠦ ᠶᠠᠪᠤᠴᠠ ᠳᠤ ᠪᠠᠨ 31 ᠰᠠᠯᠠᠭ᠎ᠠ ᠵᠠᠮ ᠭᠠᠷᠭᠠᠵᠤ᠂ 7-35 ᠮᠧᠲ᠋ᠷ ᠥᠷᠭᠡᠨ ᠵᠠᠮ ᠡᠭᠦᠰᠬᠡᠭᠰᠡᠨ ᠨᠢ ᠪᠠᠶᠢᠭᠠᠯᠢ ᠤᠷᠴᠢᠨ ᠳᠤ ᠰᠦᠷᠭᠦ ᠪᠡᠷ ᠨᠥᠯᠥᠭᠡᠯᠡᠭᠡᠳ ᠵᠣᠭᠰᠣᠬᠤ ᠦᠭᠡᠢ ᠨᠤᠲᠤᠭ ᠤᠨ ᠣᠷᠣᠰᠢᠨ ᠰᠠᠭᠤᠭᠴᠢᠳ ᠤᠨ ᠡᠷᠡᠭᠦᠯ᠂ ᠠᠶᠤᠯ ᠦᠭᠡᠢ ᠤᠷᠴᠢᠨ ᠳᠤ ᠠᠮᠢᠳᠤᠷᠠᠬᠤ ᠨᠥᠬᠥᠴᠡᠯ ᠢ ᠬᠠᠭᠠᠭᠰᠠᠨ ᠪᠠᠶᠢᠨ᠎ᠠ᠃
ᠡᠶᠢᠮᠦ ᠳᠦ ᠲᠤᠰ 68 ᠺᠢᠯᠣᠮᠧᠲ᠋ᠷ ᠠᠦ᠋ᠲ᠋ᠣ᠋ ᠵᠠᠮ ᠢ ᠬᠠᠲᠠᠭᠤ ᠬᠤᠴᠢᠯᠲᠠ ᠲᠠᠢ ᠪᠣᠯᠭᠠᠬᠤ ᠱᠠᠭᠠᠷᠳᠠᠯᠭ᠎ᠠ ᠲᠠᠯᠪᠢᠵᠤ᠂ ᠪᠠᠶᠠᠨᠬᠣᠰᠢᠭᠤ ᠪᠣᠭᠣᠮᠲᠠ ᠬᠦᠷᠲᠡᠯ᠎ᠡ ᠭᠠᠵᠠᠷ ᠤᠨ ᠲᠣᠰᠤᠨ ᠤ ᠲᠡᠭᠡᠭᠡᠪᠦᠷᠢᠯᠡᠯᠲᠡ ᠬᠢᠬᠦ ᠶᠢ ᠬᠣᠷᠢᠭᠯᠠᠵᠠᠢ᠃

ᠰᠡᠳᠬᠢᠭᠳᠡᠯ ᠦᠯᠡᠳᠡᠭᠡᠬᠦ