ᠠ᠊∙ᠪᠠᠰᠠᠩᠳᠣᠷᠵᠢ ᠳᠤ ᠮᠡᠷᠭᠡᠵᠢᠯ ᠦᠨ ᠪᠥᠬᠡ ᠪᠡᠷ ᠪᠠᠷᠢᠯᠳᠤᠬᠤ ᠰᠠᠨᠠᠯ ᠲᠠᠯᠪᠢᠵᠠᠢ | News.MN

ᠠ᠊∙ᠪᠠᠰᠠᠩᠳᠣᠷᠵᠢ ᠳᠤ ᠮᠡᠷᠭᠡᠵᠢᠯ ᠦᠨ ᠪᠥᠬᠡ ᠪᠡᠷ ᠪᠠᠷᠢᠯᠳᠤᠬᠤ ᠰᠠᠨᠠᠯ ᠲᠠᠯᠪᠢᠵᠠᠢ

ᠥᠩᠭᠡᠷᠡᠭᠰᠡᠨ ᠳᠣᠯᠣᠭ᠎ᠠ ᠬᠣᠨᠣᠭ ᠤᠨ ᠰᠡᠭᠦᠯ ᠢᠶᠡᠷ ᠳᠡᠪᠵᠢᠶᠡᠨ ᠦ ᠪᠡᠨ ᠵᠠᠯᠠᠭᠤ  ᠪᠦᠬᠡ ᠳᠦ ᠭᠠᠷ ᠬᠦᠷᠦᠭᠰᠡᠨ ᠬᠡᠷᠡᠭ ᠢᠶᠡᠨ ᠬᠦᠯᠢᠶᠡᠨ ᠵᠥᠪᠰᠢᠶᠡᠷᠡᠭᠰᠡᠨ ᠲᠠᠺᠠᠨᠤᠶᠢᠸᠠ ᠠ᠊∙ᠪᠠᠰᠠᠩᠳᠣᠷᠵᠢ ᠵᠣᠳᠣᠭ ᠲᠠᠶᠢᠯᠬᠤ ᠪᠠᠷ ᠪᠣᠯᠤᠭᠰᠠᠨ᠃ ᠲᠡᠭᠦᠨ ᠢ ᠶᠠᠫᠣᠨ ᠤ ᠰᠦᠮᠣ᠋ ᠪᠥᠬᠡ ᠶᠢᠨ ᠬᠣᠯᠪᠣᠭᠠᠨ ᠠᠴᠠ ᠵᠣᠳᠣᠭ ᠲᠠᠶᠢᠯ ᠬᠡᠮᠡᠨ ᠱᠠᠭᠠᠷᠳᠠᠭ᠎ᠠ ᠦᠭᠡᠢ ᠴᠤ ᠲᠡᠷᠡ ᠪᠡᠷ ᠶᠤᠰᠤ ᠵᠦᠢ ᠶᠢ ᠤᠬᠠᠮᠰᠠᠷᠯᠠᠨ ᠥᠪᠡᠷ ᠦᠨ ᠰᠠᠨᠠᠯ ᠢᠶᠠᠷ ᠰᠦᠮᠣ᠋ ᠶᠢᠨ ᠶᠢᠷᠲᠢᠨᠴᠦ ᠶᠢ ᠣᠷᠬᠢᠭᠰᠠᠨ ᠶᠤᠮ᠃ ᠬᠠᠷᠢᠨ ᠲᠡᠭᠦᠨ ᠳᠦ ᠶᠠᠫᠣᠨ ᠤ ᠫᠠᠷᠯᠠᠮᠧᠨᠲ ᠤᠨ ᠭᠡᠰᠢᠭᠦᠨ ᠠᠰᠠᠨ ᠣᠣᠨᠢᠲ᠋ᠠ ᠠᠴᠦᠰᠢᠮᠠ ᠮᠡᠷᠭᠡᠵᠢᠯ ᠦᠨ ᠪᠥᠬᠡ ᠪᠡᠷ ᠪᠠᠷᠢᠯᠳᠤᠬᠤ ᠰᠠᠨᠠᠯ ᠲᠠᠯᠪᠢᠭᠰᠠᠨ ᠪᠠᠶᠢᠨ᠎ᠠ᠃ ᠮᠥᠨ ᠲᠡᠭᠦᠨ ᠢ ᠬᠣᠯᠢᠮᠠᠭ ᠲᠤᠯᠤᠭᠠᠨ ᠤ Rizin ᠬᠣᠯᠪᠣᠭ᠎ᠠ ᠰᠣᠨᠢᠷᠬᠠᠵᠤ ᠪᠤᠢ ᠲᠠᠯ᠎ᠠ ᠪᠠᠷ ᠶᠠᠫᠣᠨ ᠤ ᠬᠡᠪᠯᠡᠯ ᠮᠡᠳᠡᠭᠡᠯᠡᠯ ᠦᠨ ᠬᠡᠷᠡᠭᠰᠡᠯ ᠦᠳ ᠪᠢᠴᠢᠵᠦ ᠡᠬᠢᠯᠡᠵᠡᠢ᠃

ᠰᠡᠳᠬᠢᠭᠳᠡᠯ ᠦᠯᠡᠳᠡᠭᠡᠬᠦ