NBA ᠳᠦ ᠦᠨᠳᠦᠰᠦᠨ ᠦ ᠪᠦᠵᠢᠭ ᠢᠶᠡᠨ ᠪᠦᠵᠢᠭᠯᠡᠯ᠎ᠡ | News.MN

NBA ᠳᠦ ᠦᠨᠳᠦᠰᠦᠨ ᠦ ᠪᠦᠵᠢᠭ ᠢᠶᠡᠨ ᠪᠦᠵᠢᠭᠯᠡᠯ᠎ᠡ

ᠮᠣᠩᠭᠣᠯ ᠤᠨ ᠴᠠᠭ ᠢᠶᠠᠷ ᠥᠨᠥ ᠥᠷᠯᠥᠭᠡᠨ ᠦ 07᠄00 ᠴᠠᠭ ᠲᠤ ᠸᠠᠰᠢᠩᠲ᠋ᠣᠨ  ᠳᠦ NBA᠍ ᠦᠨ ᠪᠤᠰᠲ᠋ᠤᠨ ᠰᠧᠯᠲ᠋ᠢᠺᠰ᠂ ᠸᠠᠰᠢᠩᠲ᠋ᠣᠨ ᠸᠢᠽᠠᠷᠳᠠᠰ ᠪᠠᠭ ᠤᠳ ᠤᠨ ᠲᠣᠭᠯᠠᠯᠲᠠ ᠪᠣᠯᠵᠤ᠂ ᠲᠣᠭᠯᠠᠯᠲᠠ ᠶᠢᠨ ᠡᠮᠦᠨᠡᠬᠢ ᠦᠵᠡᠭᠦᠯᠪᠦᠷᠢ ᠶᠢ ᠮᠣᠩᠭᠣᠯ ᠬᠡᠦᠬᠡᠳ ᠦᠳ ᠦᠵᠡᠭᠦᠯᠦᠯ᠎ᠡ ᠃ NBA ᠦᠨ ᠲᠣᠭᠯᠠᠯᠲᠠ ᠶᠢ ᠳᠡᠯᠡᠬᠡᠢ ᠶᠢᠨ ᠥᠨᠴᠥᠭ ᠪᠤᠯᠤᠩ ᠪᠦᠷᠢ ᠡᠴᠡ ᠦᠵᠡᠵᠦ ᠪᠤᠢ 18 ᠰᠠᠶ᠎ᠠ ᠬᠦᠮᠦᠨ ᠳᠦ ᠮᠣᠩᠭᠣᠯ ᠤᠨ ᠦᠨᠳᠦᠰᠦᠨ ᠦ ᠪᠦᠵᠢᠭ᠂ ᠮᠣᠩᠭᠣᠯ ᠬᠤᠪᠴᠠᠰᠤ᠂ ᠥᠪ ᠰᠤᠶᠤᠯ ᠢᠶᠠᠨ ᠰᠤᠷᠲᠠᠯᠴᠢᠯᠠᠭᠰᠠᠨ ᠦᠢᠯᠡ ᠶᠠᠪᠤᠳᠠᠯ ᠪᠣᠯᠤᠭᠰᠠᠨ ᠲᠠᠯ᠎ᠠ ᠪᠠᠷ ᠮᠣᠩᠭᠣᠯ ᠤᠯᠤᠰ ᠠᠴᠠ ᠠᠮᠧᠷᠢᠺᠠ ᠶᠢᠨ ᠨᠢᠭᠡᠳᠦᠭᠰᠡᠨ ᠤᠯᠤᠰ ᠳᠦ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠶᠣ᠊∙ᠣᠳᠬᠣᠨᠪᠠᠶᠠᠷ ᠥᠪᠡᠷ ᠦᠨ ᠲᠸᠢᠲ᠋ᠲ᠋ᠧᠷ ᠬᠠᠭᠤᠳᠠᠰᠤᠨ ᠳᠦ  ᠪᠢᠴᠢᠭᠰᠡᠨ ᠪᠠᠶᠢᠨ᠎ᠠ᠃ ᠲᠡᠳᠡ ᠮᠣᠩᠭᠣᠯ ᠪᠦᠵᠢᠭ ᠪᠦᠵᠢᠭᠯᠡᠵᠦ᠂ ᠮᠣᠷᠢᠨ ᠬᠤᠭᠤᠷ ᠲᠣᠭᠯᠠᠨ᠂ ᠴᠠᠮ ᠬᠠᠷᠠᠶᠢᠬᠤ ᠦᠵᠡᠭᠦᠯᠪᠦᠷᠢ ᠦᠵᠡᠭᠦᠯᠵᠡᠢ᠃

ᠰᠡᠳᠬᠢᠭᠳᠡᠯ ᠦᠯᠡᠳᠡᠭᠡᠬᠦ