ᠬᠡᠦᠬᠡᠳ ᠬᠤᠯᠠᠭᠠᠶᠢᠯᠠᠭᠰᠠᠨ ᠡᠮᠡᠭᠲᠡᠢ ᠳᠦ ᠶᠠᠯ᠎ᠠ ᠣᠨᠣᠭᠠᠯ᠎ᠠ | News.MN

ᠬᠡᠦᠬᠡᠳ ᠬᠤᠯᠠᠭᠠᠶᠢᠯᠠᠭᠰᠠᠨ ᠡᠮᠡᠭᠲᠡᠢ ᠳᠦ ᠶᠠᠯ᠎ᠠ ᠣᠨᠣᠭᠠᠯ᠎ᠠ

ᠭᠡᠷ ᠦᠨ ᠢᠶᠡᠨ ᠭᠠᠳᠠᠭ᠎ᠠ ᠲᠣᠭᠯᠠᠵᠤ ᠪᠠᠶᠢᠭᠰᠠᠨ ᠲᠠᠪᠤᠨ ᠨᠠᠰᠤᠲᠠᠢ ᠥᠬᠢᠨ ᠢ ᠬᠤᠯᠠᠭᠠᠶᠢᠯᠠᠭᠰᠠᠨ ᠭᠡᠬᠦ ᠬᠡᠷᠡᠭ ᠲᠦ ᠬᠣᠯᠪᠣᠭᠳᠠᠭᠠᠳ ᠪᠠᠶᠢᠭ᠎ᠠ ᠫ∙ᠪᠠᠲᠤᠰᠠᠭᠤᠷᠢ ᠳᠤ ᠬᠣᠯᠪᠣᠭᠳᠠᠬᠤ ᠬᠡᠷᠡᠭ ᠢ ᠬᠢᠨᠠᠨ ᠰᠢᠢᠳᠪᠦᠷᠢᠯᠡᠬᠦ ᠬᠤᠷᠠᠯ ᠥᠨᠥᠳᠥᠷ ︵2018.12.13︶ ᠪᠣᠯᠤᠯ᠎ᠠ᠃ ᠪᠠᠶᠠᠨᠵᠢᠷᠦᠬᠡ ᠳᠡᠭᠦᠷᠭᠡ ᠶᠢᠨ ᠡᠷᠡᠭᠦᠦ ᠶᠢᠨ ᠬᠡᠷᠡᠭ ᠦᠨ ᠠᠩᠬᠠᠨ ᠱᠠᠲᠤᠨ ᠤ ᠰᠢᠭᠦᠬᠦ ᠬᠢᠨᠠᠨ ᠬᠡᠯᠡᠯᠴᠡᠭᠡᠳ ︽ᠡᠷᠡᠭᠦᠦ ᠶᠢᠨ ᠬᠠᠤᠯᠢ︾ ᠶᠢᠨ ᠲᠤᠰᠬᠠᠢ ᠠᠩᠬᠢ ᠶᠢᠨ 13.2 ᠳ᠋ᠤᠭᠠᠷ ᠵᠦᠢᠯ ᠦᠨ ᠬᠤᠶᠠᠳᠠᠬᠢ ᠬᠡᠰᠡᠭ ᠦᠨ 2.1 ᠳᠦ ᠵᠢᠭᠠᠭᠰᠠᠨ ᠢᠶᠠᠷ ᠬᠣᠬᠢᠷᠠᠭᠴᠢ ᠶᠢ ᠬᠠᠭᠤᠷᠤᠨ ᠮᠡᠬᠡᠯᠡᠨ ᠠᠪᠴᠤ ᠶᠠᠪᠤᠵᠤ ᠬᠤᠯᠠᠭᠠᠶᠢᠯᠠᠬᠤ ᠭᠡᠮᠲᠦ ᠬᠡᠷᠡᠭ ᠦᠢᠯᠡᠳᠦᠭᠰᠡᠨ ᠳᠦ ᠲᠣᠭᠠᠴᠠᠵᠤ᠂ ᠲᠡᠭᠦᠨ ᠳᠦ ᠭᠤᠷᠪᠠᠨ ᠵᠢᠯ ᠦᠨ ᠬᠤᠷᠢᠬᠤ ᠢᠯᠠ ᠣᠨᠣᠭᠳᠠᠭᠤᠯᠵᠠᠢ᠃
ᠰᠠᠨᠠᠭᠤᠯᠬᠤ ᠳᠤ᠂ ᠫ∙ᠪᠠᠲᠤᠰᠠᠭᠤᠷᠢ ᠨᠢ ᠡᠨᠡ ᠣᠨ ᠤ ᠨᠠᠢᠮᠠᠳᠤᠭᠠᠷ ᠰᠠᠷ᠎ᠠ ᠶᠢᠨ 21 ᠳᠦ ᠳᠠᠷᠬᠠᠨ-ᠠᠭᠤᠯᠠ ᠠᠶᠢᠮᠠᠭ ᠤᠨ ᠳᠠᠷᠬᠠᠨ ᠰᠤᠮᠤᠨ ᠳᠤ ᠭᠡᠷ ᠦᠨ ᠢᠶᠡᠨ ᠭᠠᠳᠠᠭ᠎ᠠ ᠲᠣᠭᠯᠠᠵᠤ ᠪᠠᠶᠢᠭᠰᠠᠨ ᠲᠠᠪᠤᠨ ᠨᠠᠰᠤᠲᠠᠢ E ᠭᠡᠭᠴᠢ ᠥᠬᠢᠨ ᠢ ᠬᠠᠭᠤᠷᠤᠨ ᠮᠡᠬᠡᠯᠡᠵᠦ ᠤᠯᠠᠭᠠᠨᠪᠠᠭᠠᠲᠤᠷ ᠬᠤᠲᠠ ᠳᠤ ᠠᠪᠴᠢᠷᠠᠭᠰᠠᠨ ᠪᠠᠶᠢᠭᠰᠠᠨ ᠢ ᠴᠠᠭᠳᠠᠭ᠎ᠠ ᠶᠢᠨ ᠠᠯᠪᠠᠨ ᠬᠠᠭᠠᠭᠴᠢᠳ ᠢᠯᠡᠷᠡᠭᠦᠯᠦᠭᠰᠡᠨ ᠶᠤᠮ᠃

ᠰᠡᠳᠬᠢᠭᠳᠡᠯ ᠦᠯᠡᠳᠡᠭᠡᠬᠦ