ᠦᠨᠳᠦᠰᠦᠨ ᠬᠠᠤᠯᠢ ᠵᠥᠷᠢᠴᠡᠭᠰᠡᠨ ᠭᠡᠵᠦ ᠦᠵᠡᠪᠡᠯ ᠵᠠᠰᠠᠭ ᠤᠨ ᠭᠠᠵᠠᠷ ᠣᠭᠴᠣᠷᠠᠨ᠎ᠠ | News.MN

ᠦᠨᠳᠦᠰᠦᠨ ᠬᠠᠤᠯᠢ ᠵᠥᠷᠢᠴᠡᠭᠰᠡᠨ ᠭᠡᠵᠦ ᠦᠵᠡᠪᠡᠯ ᠵᠠᠰᠠᠭ ᠤᠨ ᠭᠠᠵᠠᠷ ᠣᠭᠴᠣᠷᠠᠨ᠎ᠠ

ᠤᠯᠤᠰ ᠤᠨ ᠶᠡᠬᠡ ᠬᠤᠷᠠᠯ ᠶᠢᠨ ᠭᠡᠰᠢᠭᠦᠨ ᠯ∙ᠡᠩᠬᠡ-ᠠᠮᠤᠭᠤᠯᠠᠩ᠂ ᠳ∙ᠤᠶᠤᠨᠬᠤᠷᠯᠤ᠂ ᠳ∙ᠭᠠᠩᠪᠣᠯᠣᠳ ᠨᠠᠷ ᠵᠠᠰᠠᠭ ᠤᠨ ᠭᠠᠵᠠᠷ ᠦᠨᠳᠦᠰᠦᠨ ᠬᠠᠤᠯᠢ ᠵᠥᠷᠢᠴᠡᠭᠰᠡᠨ ᠠᠰᠠᠭᠤᠳᠠᠯ ᠢᠶᠠᠷ ᠰᠡᠴᠡ ᠳᠦ ᠥᠭᠴᠦ ᠪᠠᠶᠢᠭ᠎ᠠ ᠲᠠᠯ᠎ᠠ ᠪᠠᠷ ᠮᠡᠳᠡᠭᠡᠯᠡᠯ ᠬᠢᠯ᠎ᠡ᠃
ᠯ∙ᠡᠩᠬᠡ-ᠠᠮᠤᠭᠤᠯᠠᠩ᠄ ᠳ∙ᠤᠶᠤᠨᠬᠤᠷᠯᠤ᠂ ᠳ∙ᠭᠠᠩᠪᠣᠯᠣᠳ᠂ ᠰ∙ᠪᠢᠮᠪᠠᠴᠤᠭᠲᠤ ᠪᠢᠳᠡ ᠳᠥᠷᠪᠡ ᠭᠡᠰᠢᠭᠦᠨ ᠦ ᠪᠡᠨ ᠬᠤᠪᠢ ᠪᠠᠷ ᠪᠤᠰᠤ ᠮᠣᠩᠭᠣᠯ ᠤᠯᠤᠰ ᠤᠨ ᠢᠷᠭᠡᠨ ᠦ ᠬᠤᠪᠢ ᠳᠤ ᠦᠨᠳᠦᠰᠦᠨ ᠬᠠᠤᠯᠢ ᠪᠠᠷ ᠣᠯᠭᠣᠭᠳᠠᠭᠰᠠᠨ ᠡᠷᠬᠡ ᠶᠢᠨ ᠢᠶᠡᠨ ᠳᠠᠭᠠᠤ ᠵᠠᠰᠠᠭ ᠤᠨ ᠭᠠᠵᠠᠷ ᠦᠨᠳᠦᠰᠦᠨ ᠬᠠᠤᠯᠢ ᠵᠥᠷᠢᠴᠡᠭᠰᠡᠨ ᠭᠡᠵᠤ ᠦᠵᠡᠭᠡᠳ ᠦᠨᠳᠦᠰᠦᠨ ᠬᠠᠤᠯᠢ ᠶᠢᠨ ᠰᠡᠴᠡ ᠳᠦ ᠭᠣᠮᠣᠳᠠᠯ ᠭᠠᠷᠭᠠᠵᠤ ᠪᠠᠶᠢᠨ᠎ᠠ᠃ ᠤᠯᠤᠰ ᠤᠨ ᠶᠡᠬᠡ ᠬᠤᠷᠠᠯ ᠤᠨ ᠦᠢᠯᠡ ᠠᠵᠢᠯᠯᠠᠭ᠎ᠠ ᠳᠣᠭᠣᠯᠳᠠᠵᠤ ᠡᠬᠢᠯᠡᠭᠰᠡᠨ᠃ ᠵᠠᠰᠠᠭ ᠤᠨ ᠭᠠᠵᠠᠷ ᠬᠡᠳᠦ ᠬᠡᠳᠦᠨ ᠬᠠᠤᠯᠢ ᠶᠢᠨ ᠵᠢᠭᠠᠯᠲᠠ ᠨᠤᠭᠤᠳ ᠢ ᠵᠥᠷᠢᠴᠡᠭᠰᠡᠨ᠃ ᠶᠡᠷᠦᠩᠬᠡᠢ ᠰᠠᠶᠢᠳ ᠵᠠᠰᠠᠭ ᠤᠨ ᠭᠠᠵᠠᠷ ᠢ ᠤᠳᠤᠷᠢᠳᠴᠤ ᠲᠥᠷᠥ ᠶᠢᠨ ᠬᠠᠤᠯᠢ ᠪᠡᠶᠡᠯᠡᠭᠦᠯᠬᠦ ᠠᠵᠢᠯ ᠢ ᠤᠯᠤᠰ ᠤᠨ ᠶᠡᠬᠡ ᠬᠤᠷᠠᠯ ᠤᠨ ᠡᠮᠦᠨ᠎ᠡ ᠬᠠᠷᠢᠭᠤᠴᠠᠨ᠎ᠠ ᠭᠡᠰᠡᠨ ᠵᠢᠭᠠᠯᠲᠠ ᠲᠠᠢ᠃ ᠴᠢᠭᠤᠯᠭᠠᠨ ᠤ ᠳᠢᠭ ᠦᠨ ᠲᠤᠬᠠᠢ ᠬᠠᠤᠯᠢ ᠳᠤ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠤᠨ ᠭᠡᠰᠢᠭᠦᠨ ᠪᠤᠶᠤ ᠳᠠᠪᠬᠤᠷ ᠳᠡᠪᠡᠯ ᠲᠡᠢ ᠭᠡᠰᠢᠭᠦᠳ ᠬᠦᠨᠳᠦᠳᠬᠡᠨ ᠦᠵᠡᠬᠦ ᠰᠢᠯᠲᠠᠭᠠᠨ ᠦᠭᠡᠢ ᠪᠡᠷ ᠴᠢᠭᠤᠯᠭᠠᠨ ᠤ ᠬᠤᠷᠠᠯᠳᠤᠭᠠᠨ ᠪᠣᠯᠤᠨ ᠪᠠᠶᠢᠩᠭᠤ ᠶᠢᠨ ᠬᠣᠷᠢᠶᠠᠨ ᠤ ᠬᠤᠷᠠᠯᠳᠤᠭᠠᠨ ᠢ ᠲᠠᠰᠤᠯᠬᠤ ᠡᠷᠬᠡ ᠦᠭᠡᠢ᠃ ᠬᠤᠷᠠᠯᠳᠤᠭᠠᠨ ᠢ ᠶᠠᠮᠠᠷ ᠦᠶ᠎ᠡ ᠳᠦ ᠣᠷᠬᠢᠵᠤ ᠭᠠᠷᠬᠤ ᠪᠤᠢ ᠭᠡᠳᠡᠭ ᠨᠢ ᠮᠥᠨ ᠬᠠᠤᠯᠢ ᠶᠢᠨ ᠵᠢᠭᠠᠯᠲᠠ ᠲᠠᠢ᠃ ︽ᠤᠯᠤᠰ ᠤᠨ ᠶᠡᠬᠡ ᠬᠤᠷᠠᠯ ᠤᠨ ᠳᠢᠭ ᠦᠨ ᠲᠤᠬᠠᠢ︾ ᠬᠠᠤᠯᠢ ᠳᠤ ᠵᠢᠭᠠᠭᠰᠠᠨ ᠢᠶᠠᠷ ᠵᠥᠪᠬᠡᠨ ᠬᠣᠶᠠᠷ ᠦᠨᠳᠦᠰᠦᠯᠡᠯ ᠢᠶᠡᠷ ᠤᠯᠤᠰ ᠤᠨ ᠶᠡᠬᠡ ᠬᠤᠷᠠᠯ ᠦᠨ ᠭᠡᠰᠢᠭᠦᠨ ᠴᠢᠭᠤᠯᠭᠠᠨ ᠤ ᠬᠤᠷᠠᠯᠳᠤᠭᠠᠨ ᠢ ᠣᠷᠬᠢᠨ ᠭᠠᠷᠬᠤ ᠡᠭᠦᠷᠭᠡ ᠲᠡᠢ᠃ ᠦᠨᠳᠦᠰᠦᠨ ᠬᠠᠤᠯᠢ ᠶᠢᠨ ᠲᠣᠳᠣᠷᠬᠠᠢ ᠵᠢᠭᠠᠯᠲᠠ ᠶᠢ ᠢᠯᠡᠳᠳᠡ ᠵᠥᠷᠢᠴᠡᠭᠰᠡᠨ ᠠᠰᠠᠭᠤᠳᠠᠯ ᠢ ᠬᠡᠯᠡᠯᠴᠡᠵᠦ ᠪᠠᠶᠢᠭ᠎ᠠ ᠦᠶ᠎ᠡ ᠳᠦ ᠤᠯᠤᠰ ᠤᠨ ᠶᠡᠬᠡ ᠬᠤᠷᠠᠯ ᠦᠨ ᠭᠡᠰᠢᠭᠦᠨ ᠴᠢᠭᠤᠯᠭᠠᠨ ᠤ ᠬᠤᠷᠠᠯᠳᠤᠭᠠᠨ ᠪᠣᠯᠤᠨ ᠪᠠᠶᠢᠩᠭᠤ ᠶᠢᠨ ᠬᠣᠷᠢᠶᠠᠨ ᠤ ᠬᠤᠷᠠᠯ ᠢ ᠣᠷᠬᠢᠨ ᠭᠠᠷᠬᠤ ᠡᠭᠦᠷᠭᠡ ᠲᠡᠢ᠃ ᠬᠣᠶᠠᠳᠤᠭᠠᠷ ᠲᠤ᠂ ᠦᠨᠳᠦᠰᠦᠨ ᠬᠠᠤᠯᠢ ᠳᠤ ᠨᠡᠮᠡᠯᠲᠡ ᠥᠭᠡᠷᠡᠴᠢᠯᠡᠯᠲᠡ ᠣᠷᠣᠭᠤᠯᠬᠤ ᠶᠢ ᠡᠰᠡᠷᠭᠦᠴᠡᠭᠰᠡᠨ ᠲᠣᠬᠢᠶᠠᠯᠳᠤᠯ ᠳᠤ ᠮᠥᠨ ᠬᠤᠷᠠᠯᠳᠤᠭᠠᠨ ᠢ ᠣᠷᠬᠢᠨ ᠭᠠᠷᠬᠤ ᠡᠷᠬᠡ ᠲᠡᠢ᠃ ᠪᠤᠰᠤᠳ ᠲᠣᠬᠢᠶᠠᠯᠳᠤᠯ ᠳᠤ ᠤᠯᠤᠰ ᠤᠨ ᠶᠡᠬᠡ ᠬᠤᠷᠠᠯ ᠤᠨ ᠭᠡᠰᠢᠭᠦᠳ ᠬᠤᠷᠠᠯᠳᠤᠭᠠᠨ ᠢ ᠣᠷᠬᠢᠵᠤ ᠭᠠᠷᠬᠤ ᠡᠷᠬᠡ ᠦᠭᠡᠢ᠃ ᠵᠠᠰᠠᠭ ᠤᠨ ᠭᠠᠵᠠᠷ ᠤᠨ ᠭᠡᠰᠢᠭᠦᠳ ︽ᠦᠨᠳᠦᠰᠦᠨ ᠬᠠᠤᠯᠢ︾᠂  ︽ᠤᠯᠤᠰ ᠤᠨ ᠶᠡᠬᠡ ᠬᠤᠷᠠᠯ ᠤᠨ ᠲᠤᠬᠠᠢ︾ ᠬᠠᠤᠯᠢ᠂ ︽ᠵᠠᠰᠠᠭ ᠤᠨ ᠭᠠᠵᠠᠷ ᠤᠨ ᠲᠤᠬᠠᠢ︾᠂ ︽ᠤᠯᠤᠰ ᠤᠨ ᠶᠡᠬᠡ ᠬᠤᠷᠠᠯ ᠤᠨ ᠳᠢᠭ ᠦᠨ ᠲᠤᠬᠠᠢ︾ ᠬᠠᠤᠯᠢ ᠶᠢᠨ ᠵᠢᠭᠠᠯᠲᠠ ᠨᠤᠭᠤᠳ ᠢ ᠵᠥᠷᠢᠴᠡᠵᠦ ᠪᠠᠶᠢᠭ᠎ᠠ ᠤᠴᠢᠷ ᠠᠴᠠ ᠦᠨᠳᠦᠰᠦᠨ ᠬᠠᠤᠯᠢ ᠶᠢᠨ ᠰᠡᠴᠡ ᠳᠦ ᠬᠠᠨᠳᠤᠵᠤ ᠪᠠᠶᠢᠨ᠎ᠠ᠃ ᠬᠡᠷᠪᠡ ᠰᠡᠴᠡ ᠵᠠᠰᠠᠭ ᠤᠨ ᠭᠠᠵᠠᠷ ᠢ ᠦᠨᠳᠦᠰᠦᠨ ᠬᠠᠤᠯᠢ ᠵᠥᠷᠢᠴᠡᠭᠰᠡᠨ ᠭᠡᠵᠦ ᠦᠵᠡᠪᠡᠯ ᠵᠠᠰᠠᠭ ᠤᠨ ᠭᠠᠵᠠᠷ ᠣᠭᠴᠣᠷᠠᠨ᠎ᠠ ᠭᠡᠯ᠎ᠡ᠃

ᠰᠡᠳᠬᠢᠭᠳᠡᠯ ᠦᠯᠡᠳᠡᠭᠡᠬᠦ