︽ᠮᠡᠳᠡᠭᠡᠯᠡᠯ ᠦᠨ ᠴᠠᠭ︾ ᠰᠤᠨᠢᠷᠬᠠᠯ ᠲᠠᠢ ᠪᠤᠯᠤᠯ᠎ᠠ | News.MN

︽ᠮᠡᠳᠡᠭᠡᠯᠡᠯ ᠦᠨ ᠴᠠᠭ︾ ᠰᠤᠨᠢᠷᠬᠠᠯ ᠲᠠᠢ ᠪᠤᠯᠤᠯ᠎ᠠ

ᠰᠡᠯᠡᠩᠭᠡ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠭᠠᠵᠠᠷ 7 ᠬᠣᠨᠣᠭ ᠪᠦᠷᠢ ᠶᠢᠨ ᠳᠠᠸᠠ ᠭᠠᠷᠠᠭ ᠤᠨ ᠥᠷᠯᠥᠭᠡ 8.30 ᠴᠠᠭ ᠠᠴᠠ ︽ᠮᠡᠳᠡᠭᠡᠯᠡᠯ ᠦᠨ ᠴᠠᠭ︾ ᠠᠷᠭ᠎ᠠ ᠬᠡᠮᠵᠢᠶ᠎ᠡ ᠵᠣᠬᠢᠶᠠᠨ ᠪᠠᠶᠢᠭᠤᠯᠳᠠᠭ ᠤᠯᠠᠮᠵᠢᠯᠠᠯ ᠲᠠᠢ᠃ ᠲᠡᠳᠡ ᠰᠢᠨ᠎ᠡ ᠳᠣᠯᠣᠭ᠎ᠠ ᠬᠣᠨᠣᠭ ᠤᠨ ︽ᠮᠡᠳᠡᠭᠡᠯᠡᠯ ᠦᠨ ᠴᠠᠭ︾ ᠢᠶᠠᠨ ᠨᠣᠮ ᠤᠨ ᠡᠳᠦᠷᠯᠢᠭ ᠢᠶᠡᠷ  ᠡᠬᠢᠯᠡᠭᠦᠯᠵᠤ ᠂ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠍ ᠤᠨ ᠨᠣᠮ ᠤᠨ ᠰᠠᠩ ᠍ ᠦᠨ ᠨᠣᠮ ᠤᠳ ᠠᠴᠠ ᠳᠡᠯᠭᠡᠨ ᠲᠠᠯᠪᠢᠵᠤ᠂ ᠺᠠᠷᠲ  ᠦᠭᠡᠢ ᠠᠵᠢᠯᠴᠢᠳ ᠢ ᠺᠠᠷᠲᠵᠢᠭᠤᠯᠤᠨ᠂ ᠠᠵᠢᠯᠲᠠᠨ᠂ ᠠᠯᠪᠠᠨ ᠬᠠᠭᠠᠭᠴᠢᠳ ᠥᠪᠡᠷᠰᠡᠳ ᠲᠦ ᠪᠡᠨ ᠪᠠᠶᠢᠭ᠎ᠠ ᠰᠢᠨ᠎ᠡ ᠨᠣᠮ ᠢᠶᠠᠨ ᠠᠪᠴᠢᠷᠠᠵᠤ ᠬᠠᠷᠢᠯᠴᠠᠨ ᠰᠣᠯᠢᠯᠴᠠᠵᠠᠢ᠃ ᠨᠣᠮ ᠤᠨ ᠰᠠᠩ ᠨᠢ 2014 ᠣᠨ ᠠᠴᠠ ᠦᠢᠯᠡ ᠠᠵᠢᠯᠯᠠᠭ᠎ᠠ ᠪᠠᠨ ᠡᠬᠢᠯᠡᠭᠰᠡᠨ ᠪᠥᠭᠡᠳ ᠡᠨᠳᠡ ᠲᠡᠦᠬᠡ᠂ ᠰᠢᠨᠵᠢᠯᠡᠬᠦ ᠤᠬᠠᠭᠠᠨ᠂ ᠲᠠᠨᠢᠨ ᠮᠡᠳᠡᠬᠦᠢ᠂ ᠤᠯᠤᠰ ᠲᠥᠷᠥ᠂ ᠤᠷᠠᠨ ᠵᠣᠬᠢᠶᠠᠯ ᠤᠨ ᠨᠣᠮ ᠪᠦᠲᠦᠭᠡᠯ ᠬᠠᠳᠠᠭᠠᠯᠠᠭᠳᠠᠵᠤ ᠪᠠᠶᠢᠭ᠎ᠠ ᠭᠡᠨ᠎ᠡ᠃ ᠠᠮᠧᠷᠢᠺᠠ ᠶᠢᠨ ᠶᠡᠷᠦᠩᠬᠡᠶᠢᠯᠡᠭᠴᠢ ᠠᠰᠠᠨ ᠪᠠᠷᠠᠺ ᠤᠪᠠᠮᠠ ᠶᠢᠨ ︽ᠠᠪᠤ ᠠᠴᠠ ᠪᠠᠨ ᠥᠪᠯᠡᠭᠰᠡᠨ ᠮᠥᠷᠥᠭᠡᠳᠦᠯ︾᠂ ᠶᠡᠬᠡ ᠪᠷᠢᠲ᠋ᠠᠨ ᠦ ᠶᠡᠷᠦᠩᠬᠡᠢ ᠰᠠᠶᠢᠳ ᠢᠶᠠᠷ ᠬᠣᠶᠠᠷ ᠤᠳᠠᠭ᠎ᠠ ᠰᠣᠩᠭᠣᠭᠳᠠᠨ ᠠᠵᠢᠯᠯᠠᠭᠰᠠᠨ ᠤ᠊∙ᠴᠧᠷᠴᠢᠯᠯᠢ ᠶᠢᠨ ︽ᠪᠢ ᠴᠢᠰᠤ᠂ ᠬᠥᠳᠡᠯᠮᠦᠷᠢ᠂ ᠬᠥᠯᠦᠰᠦᠨ ᠡᠴᠡ ᠥᠭᠡᠷ᠎ᠡ ᠶᠠᠭᠤ ᠴᠤ ᠠᠮᠠᠯᠠᠵᠤ ᠴᠢᠳᠠᠬᠤ ᠦᠭᠡᠢ︾ ᠵᠡᠷᠭᠡ ᠤᠯᠤᠰ ᠲᠥᠷᠥ ᠶᠢᠨ ᠰᠢᠯᠢᠳᠡᠭ ᠢᠯᠡᠳᠬᠡᠯ ᠦᠳ᠂ 250 ᠍ ᠊ᠭᠠᠳ ᠵᠢᠯ ᠦᠨ ᠲᠤᠷᠰᠢ ᠬᠤᠷᠠᠮᠲᠤᠯᠠᠭᠳᠠᠭᠰᠠᠨ ᠮᠡᠳᠡᠭᠡᠯᠡᠯ ᠪᠦᠬᠦᠢ Britannica ᠵᠡᠷᠭᠡ ᠲᠠᠨᠢᠨ ᠮᠡᠳᠡᠬᠦᠢ ᠶᠢᠨ ᠨᠣᠮ ᠤᠳ ᠪᠠᠶᠢᠨ᠎ᠠ᠃

ᠰᠡᠳᠬᠢᠭᠳᠡᠯ ᠦᠯᠡᠳᠡᠭᠡᠬᠦ