ᠡᠷᠳᠡᠨᠢᠵᠤᠤ ᠮᠦᠽᠧᠢ ᠨᠤᠷᠠᠬᠤ ᠡᠷᠡᠰᠳᠡᠯ ᠲᠡᠢ ᠪᠣᠯᠵᠠᠢ | News.MN

ᠡᠷᠳᠡᠨᠢᠵᠤᠤ ᠮᠦᠽᠧᠢ ᠨᠤᠷᠠᠬᠤ ᠡᠷᠡᠰᠳᠡᠯ ᠲᠡᠢ ᠪᠣᠯᠵᠠᠢ

1586 ᠣᠨ ᠳᠤ ᠴᠢᠩᠭᠢᠰ ᠬᠠᠭᠠᠨ ᠤ ᠤᠳᠤᠮ ᠤᠨ ᠬᠠᠯᠬ᠎ᠠ ᠶᠢᠨ ᠠᠪᠠᠲᠠᠢ ᠰᠠᠶᠢᠨ ᠬᠠᠨ ᠰᠠᠨᠠᠭᠠᠴᠢᠯᠠᠨ ᠪᠠᠶᠢᠭᠤᠯᠤᠭᠰᠠᠨ ᠠᠴᠠ ᠬᠣᠶᠢᠰᠢ ᠣᠯᠠᠨ ᠵᠠᠭᠤᠨ ᠵᠢᠯ ᠳᠠᠮᠵᠢᠵᠤ᠂ ᠡᠳᠦᠭᠡ ᠲᠡᠦᠬᠡ ᠰᠤᠶᠤᠯ ᠤᠨ ᠬᠣᠣᠰ ᠦᠭᠡᠢ ᠦᠨᠡᠲᠦ ᠥᠪ᠂ ᠳᠤᠷᠠᠰᠬᠠᠯ ᠪᠣᠯᠤᠨ ᠦᠯᠡᠳᠡᠭᠰᠡᠨ ᠡᠷᠳᠡᠨᠢᠵᠤᠤ ᠮᠦᠽᠧᠢ ᠨᠤᠷᠠᠬᠤ ᠡᠷᠡᠰᠳᠡᠯ ᠲᠡᠢ ᠪᠣᠯᠵᠠᠢ᠃ ᠡᠨᠡ ᠲᠤᠬᠠᠢ ᠬᠡᠶᠢᠳ ᠦᠨ ᠮᠧᠨᠧᠵᠧᠷ ᠼ∙ᠰᠣᠳᠨᠠᠮᠰᠡᠷᠡᠩ  ᠦᠨ ᠬᠡᠯᠡᠭᠰᠡᠨ ᠢᠶᠡᠷ ᠂ ᠡᠷᠳᠡᠨᠢᠵᠤᠤ ᠬᠡᠶᠢᠳ ᠢ 2014 ᠣᠨ ᠳᠤ ᠮᠡᠷᠭᠡᠵᠢᠯ ᠦᠨ ᠬᠢᠨᠠᠯᠲᠠ ᠶᠢᠨ ᠶᠡᠷᠦᠩᠬᠡᠢ ᠭᠠᠵᠠᠷ ᠤᠨ ᠪᠠᠶᠢᠴᠠᠭᠠᠭᠴᠢ ᠶᠢᠨ ᠳ᠋ᠦᠩᠨᠡᠯᠲᠡ ᠪᠡᠷ ᠦᠢᠯᠡ ᠠᠵᠢᠯᠯᠠᠭ᠎ᠠ ᠶᠠᠪᠤᠭᠤᠯᠬᠤ ᠶᠢ ᠨᠢ ᠬᠣᠷᠢᠭᠯᠠᠭᠰᠠᠨ ᠪᠠᠶᠢᠨ᠎ᠠ᠃ ᠪᠠᠷᠢᠯᠭ᠎ᠠ ᠳᠤ ᠰᠠᠭᠤᠯᠲᠠ ᠥᠭᠭᠦᠭᠰᠡᠨ ᠦ ᠤᠯᠠᠮ ᠠᠴᠠ ᠦᠯᠦ ᠬᠥᠳᠡᠯᠬᠦ ᠦᠵᠡᠮᠦᠷᠢ ᠨᠦᠭᠦᠳ ᠨᠢ ᠡᠪᠳᠡᠷᠡᠵᠦ᠂ ᠤᠰᠠᠳᠬᠤ ᠠᠶᠤᠯ ᠲᠠᠢ ᠪᠣᠯᠤᠭᠰᠠᠨ ᠲᠡᠳᠦᠢ ᠦᠭᠡᠢ ᠪᠤᠷᠤᠭᠠᠨ ᠳᠤ ᠭᠤᠭᠤᠵᠢᠳᠠᠭ ᠪᠤᠯᠵᠠᠢ ᠃ ᠡᠭᠦᠨ ᠢ ᠰᠡᠷᠭᠦᠭᠡᠨ ᠵᠠᠰᠠᠪᠤᠷᠢᠯᠠᠬᠤ ᠵᠢᠷᠤᠭ ᠲᠥᠰᠥᠯ ᠢ 2015 ᠣᠨ ᠳᠤ ᠪᠡᠯᠡᠨ ᠪᠣᠯᠭᠠᠭᠰᠠᠨ ᠬᠡᠳᠦᠢ ᠴᠤ ᠥᠨᠥᠳᠥᠷ ᠢ ᠬᠦᠷᠲᠡᠯ᠎ᠡ ᠰᠠᠩᠬᠦᠦᠵᠢᠯᠲᠠ ᠦᠭᠡᠢ ᠪᠠᠶᠢᠭ᠎ᠠ ᠶᠤᠮ᠃
ᠡᠷᠳᠡᠨᠢᠵᠤᠤ ᠬᠡᠶᠢᠳ ᠢ 1965 ᠣᠨ ᠳᠤ ᠪᠦᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ᠍ ᠤᠨ ᠰᠠᠶᠢᠳ ᠨᠠᠷ ᠤᠨ ᠵᠥᠪᠯᠡᠯ ᠦᠨ 441 ᠳ᠋ᠤᠭᠡᠷ ᠲᠣᠭᠲᠠᠭᠠᠯ ᠢᠶᠠᠷ ᠤᠯᠤᠰ ᠤᠨ ᠵᠡᠷᠭᠡᠯᠡᠯᠲᠡᠢ ᠱᠠᠰᠢᠨ ᠤ ᠲᠡᠦᠬᠡ ᠶᠢᠨ ᠮᠦᠽᠧᠢ ᠪᠣᠯᠭᠠᠭᠰᠠᠨ ᠪᠥᠭᠡᠳ ᠰᠠᠩ ᠬᠥᠮᠥᠷᠭᠡ ᠳᠦ ᠪᠡᠨ 7000 ᠭᠠᠷᠤᠢ ᠴᠤᠭᠯᠠᠭᠤᠯᠭ᠎ᠠ ᠲᠠᠢ᠃ ᠡᠭᠦᠨ ᠡᠴᠡ ᠮᠣᠩᠭᠣᠯ ᠤᠯᠤᠰ ᠤᠨ ᠬᠣᠣᠰ ᠦᠭᠡᠢ ᠦᠨᠡᠲᠦ ᠶᠢᠨ ᠭᠡᠷᠡᠴᠢᠯᠡᠭᠡ ᠪᠦᠬᠦᠢ 119 ᠦᠵᠡᠮᠦᠷᠢ ᠪᠠᠶᠢᠳᠠᠭ᠃ ᠨᠡᠶᠢᠲᠡ ᠳᠦ ᠪᠡᠨ 2000 ᠭᠠᠷᠤᠢ ᠦᠵᠡᠮᠦᠷᠢ ᠪᠤᠶᠤ ᠰᠠᠩ ᠬᠥᠮᠥᠷᠭᠡ ᠶᠢᠨ 30 ᠬᠤᠪᠢ ᠶᠢ ᠨᠢ ᠳᠢᠭᠯᠡᠵᠦ ᠦᠵᠡᠭᠴᠢ  ᠤᠯᠠᠨ ᠳᠤ ᠦᠢᠯᠡᠴᠢᠯᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ