ᠥᠨᠥ ᠵᠢᠯ 21 ᠠᠶᠢᠮᠠᠭ᠂ ᠬᠣᠲᠠ ᠶᠢᠨ ᠰᠲ᠋ᠠᠲ᠋ᠦ᠋ᠰ ᠲᠠᠢ ᠬᠣᠶᠠᠷ ᠳᠡᠭᠦᠷᠭᠡ ᠪᠣᠯᠤᠨ ᠪᠦᠬᠦ ᠴᠡᠷᠢᠭ ᠦᠨ ᠪᠠᠶᠠᠷ ᠨᠠᠭᠠᠳᠤᠮ ᠳᠤ ᠲᠦᠷᠦᠭᠦᠯᠡᠭᠰᠡᠨ ᠠᠶᠢᠮᠠᠭ᠂ ᠴᠡᠷᠢᠭ ᠦᠨ ᠠᠷᠰᠯᠠᠨ ᠪᠣᠯᠤᠨ ᠬᠤᠷᠴᠠ ᠠᠷᠰᠯᠠᠨ ᠨᠤᠭᠤᠳ ᠤᠨ ᠲᠣᠭᠣᠷᠢᠭ ᠤᠨ ᠪᠠᠷᠢᠯᠳᠤᠭᠠᠨ ᠪᠢᠮᠪᠠ ᠭᠠᠷᠠᠭ ᠤᠨ 09᠄00 ᠴᠠᠭ ᠲᠤ ᠰᠫᠣᠷᠲ ᠤᠨ ᠲᠥᠪ ᠣᠷᠳᠣᠨ ᠳᠤ ᠪᠣᠯᠤᠨ᠎ᠠ᠃ ᠪᠥᠬᠡ ᠰᠣᠨᠢᠷᠬᠠᠭᠴᠢ᠂ ᠦᠵᠡᠭᠴᠢᠳ ᠦᠨ ᠬᠦᠰᠡᠨ ᠬᠦᠯᠢᠶᠡᠵᠦ ᠪᠤᠢ ᠡᠨᠡᠬᠦ ᠪᠠᠷᠢᠯᠳᠤᠭᠠᠨ ᠳᠤ 24 ᠬᠦᠴᠦᠲᠡᠨ ᠵᠣᠳᠣᠭᠯᠠᠨ᠎ᠠ᠃ ᠰᠡᠭᠦᠯ ᠦᠨ ᠦᠶ᠎ᠡ ᠳᠦ ᠢᠳᠡᠪᠬᠢᠲᠡᠢ ᠦᠢᠯᠡ ᠠᠵᠢᠯᠯᠠᠭ᠎ᠠ ᠶᠠᠪᠤᠭᠤᠯᠵᠤ ᠪᠤᠢ ︽ᠠᠶᠢᠮᠠᠭ᠂ ᠴᠡᠷᠢᠭ᠂ ᠰᠤᠮᠤ ᠶᠢᠨ ᠴᠣᠯᠠ ᠲᠠᠢ ᠪᠥᠬᠡᠴᠦᠳ ᠦᠨ ᠵᠥᠪᠯᠡᠯ︾ ᠡᠨᠡᠬᠦ ᠪᠠᠷᠢᠯᠳᠤᠭᠠᠨ ᠢ ᠵᠣᠬᠢᠶᠠᠨ ᠪᠠᠶᠢᠭᠤᠯᠵᠤ ᠪᠠᠶᠢᠭ᠎ᠠ ᠪᠥᠭᠡᠳ ᠴᠢᠨᠠᠭᠰᠢᠳᠠ ᠵᠢᠯ ᠪᠦᠷᠢ ᠤᠯᠠᠮᠵᠢᠯᠠᠨ ᠵᠣᠬᠢᠶᠠᠬᠤ ᠠᠵᠡᠢ᠃