ᠵᠠᠢ ᠠᠴᠠ ᠤᠩᠰᠢᠬᠤ ᠲᠧᠭᠨᠣᠯᠣᠭᠢ ᠲᠠᠢ ᠺᠠᠷᠲ ᠬᠡᠷᠡᠭᠯᠡᠨ᠎ᠡ | News.MN

ᠵᠠᠢ ᠠᠴᠠ ᠤᠩᠰᠢᠬᠤ ᠲᠧᠭᠨᠣᠯᠣᠭᠢ ᠲᠠᠢ ᠺᠠᠷᠲ ᠬᠡᠷᠡᠭᠯᠡᠨ᠎ᠡ

ᠮᠣᠩᠭᠣᠯ ᠪᠠᠩᠬᠢ ᠨᠢ 2016 ᠣᠨ ᠠᠴᠠ ᠡᠬᠢᠯᠡᠨ ᠠᠽᠢᠶ᠎ᠠ ᠶᠢᠨ ᠬᠥᠭᠵᠢᠯ ᠦᠨ ᠪᠠᠩᠬᠢᠨ ᠤ ᠳᠡᠮᠵᠢᠯᠭᠡ ᠲᠡᠢ ᠪᠡᠷ ︽ᠲᠥᠯᠥᠪᠦᠷᠢ ᠶᠢᠨ ᠰᠢᠰᠲ᠋ᠧᠮ ᠦᠨ ᠰᠢᠨᠡᠴᠢᠯᠡᠯ︾ ᠲᠥᠰᠥᠯ ᠢ ᠬᠡᠷᠡᠭᠵᠢᠭᠦᠯᠵᠦ ᠪᠠᠶᠢᠭ᠎ᠠ ᠪᠢᠯᠡ᠃ ᠮᠥᠨ ︽ᠦᠨᠳᠦᠰᠦᠨ ᠦ ᠲᠥᠯᠥᠪᠦᠷᠢ ᠶᠢᠨ ᠰᠢᠰᠲ᠋ᠧᠮ ᠦᠨ ᠲᠤᠬᠠᠢ︾ ᠬᠠᠤᠯᠢ ᠲᠠᠢ ᠪᠣᠯᠤᠭᠰᠠᠨ ᠢᠶᠠᠷ ᠰᠡᠭᠦᠯ ᠦᠨ ᠵᠢᠯ ᠦᠳ ᠲᠦ ᠪᠠᠩᠬᠢ ᠪᠤᠰᠤ ᠲᠥᠯᠥᠪᠦᠷᠢ ᠲᠣᠭᠠᠴᠠᠭᠠᠨ ᠤ ᠦᠢᠯᠡᠴᠢᠯᠡᠭᠡ ᠦᠵᠡᠭᠦᠯᠦᠭᠴᠢ ᠺᠣᠮᠫᠠᠨᠢ ᠨᠤᠭᠤᠳ᠂ ᠪᠠᠩᠬᠢ ᠪᠤᠰᠤ ᠰᠠᠩᠬᠦᠦ ᠶᠢᠨ ᠪᠠᠶᠢᠭᠤᠯᠤᠯᠭ᠎ᠠ ᠨᠤᠭᠤᠳ ᠲᠥᠯᠥᠪᠦᠷᠢ ᠲᠣᠭᠠᠴᠠᠭᠠᠨ ᠤ ᠣᠷᠣᠯᠴᠠᠭᠴᠢ ᠪᠣᠯᠬᠤ ᠪᠣᠯᠤᠮᠵᠢ ᠲᠠᠢ ᠪᠣᠯᠵᠠᠢ᠃ ᠲᠤᠬᠠᠶᠢᠯᠠᠪᠠᠯ ᠲᠥᠷᠥᠯ ᠪᠦᠷᠢ ᠶᠢᠨ ᠭᠠᠷ ᠤᠲᠠᠰᠤ᠂ QR ᠺᠣᠳ᠋᠂ ᠢᠨᠲᠸᠷᠨᠧᠲ ᠪᠣᠯᠤᠨ ᠪᠤᠰᠤᠳ ᠲᠥᠷᠥᠯ ᠪᠦᠷᠢ ᠶᠢᠨ ᠲᠧᠭᠨᠣᠯᠣᠭᠢ ᠶᠢᠨ ᠪᠣᠯᠤᠮᠵᠢ ᠳᠤ ᠰᠠᠭᠤᠷᠢᠯᠠᠭᠰᠠᠨ ᠪᠦᠲᠦᠭᠡᠭᠳᠡᠬᠦᠨ ᠦᠢᠯᠡᠴᠢᠯᠡᠭᠡ ᠶᠢ ᠵᠠᠬ᠎ᠠ ᠵᠡᠭᠡᠯᠢ ᠳᠦ ᠭᠠᠷᠭᠠᠭᠰᠠᠨ ᠶᠤᠮ᠃
︽ᠲᠥᠯᠥᠪᠦᠷᠢ ᠶᠢᠨ ᠰᠢᠰᠲ᠋ᠧᠮ ᠦᠨ ᠰᠢᠨᠡᠴᠢᠯᠡᠯ︾ ᠲᠥᠰᠥᠯ ᠦᠨ ᠬᠦᠷᠢᠶᠡᠨ ᠳᠦ 2019 ᠣᠨ ᠤ ᠳᠤᠮᠳᠠ ᠦᠶ᠎ᠡ ᠳᠦ ᠦᠨᠳᠦᠰᠦᠨ ᠦ ₮ ᠺᠠᠷᠲ ᠣᠯᠠᠨ ᠤᠯᠤᠰ ᠤᠨ ᠨᠢᠭᠤᠴᠠᠯᠠᠯ ᠠᠶᠤᠯ ᠦᠭᠡᠢ ᠪᠠᠶᠢᠳᠠᠯ ᠤᠨ ᠱᠠᠭᠠᠷᠳᠠᠯᠭ᠎ᠠ ᠶᠢ ᠪᠦᠷᠢᠨ ᠬᠠᠩᠭᠠᠭᠰᠠᠨ ᠴᠢᠫ᠂ ᠵᠠᠢ ᠠᠴᠠ ᠤᠩᠰᠢᠬᠤ ᠲᠧᠭᠨᠣᠯᠣᠭᠢ ᠲᠠᠢ ᠭᠠᠷᠴᠤ ᠡᠬᠢᠯᠡᠬᠦ ᠶᠤᠮ ᠪᠠᠶᠢᠨ᠎ᠠ᠃ ᠮᠥᠨ ᠭᠠᠷ ᠤᠲᠠᠰᠤᠨ ᠠᠴᠠ ᠲᠥᠯᠥᠪᠦᠷᠢ ᠲᠣᠭᠠᠴᠠᠭ᠎ᠠ ᠬᠢᠬᠦ ᠲᠧᠭᠨᠣᠯᠣᠭᠢ ᠶᠢ ᠳᠡᠮᠵᠢᠬᠦ ᠶᠢᠨ ᠲᠤᠯᠠᠳᠠ ᠮᠣᠩᠭᠣᠯ ᠪᠠᠩᠬᠢ ᠨᠢ ᠭᠦᠢᠯᠭᠡᠭᠡᠨ ᠦ ᠨᠢᠭᠤᠴᠠᠯᠠᠯ ᠠᠶᠤᠯᠭᠦᠢ ᠪᠠᠶᠢᠳᠠᠯ ᠢ ᠪᠠᠲᠤᠯᠠᠭᠠᠵᠢᠭᠤᠯᠬᠤ ᠪᠠᠩᠬᠢᠨ ᠤ ᠭᠦᠢᠯᠭᠡᠭᠡ ᠪᠠᠲᠤᠯᠠᠭᠠᠵᠢᠭᠤᠯᠬᠤ ᠲᠥᠪ ᠪᠤᠶᠤ ᠦᠨᠳᠦᠰᠦᠨ ᠦ ᠲᠣᠺᠧᠨ ᠪᠠᠲᠤᠯᠠᠭᠠᠵᠢᠭᠤᠯᠤᠭᠴᠢ ᠰᠢᠰᠲ᠋ᠧᠮ ᠢ ᠪᠤᠢ ᠪᠤᠯᠭᠠᠬᠤ ᠪᠠᠷ ᠠᠵᠢᠯᠯᠠᠵᠤ ᠪᠠᠶᠢᠨ᠎ᠠ᠃ ᠣᠶᠢᠷ᠎ᠠ ᠶᠢᠨ ᠵᠢᠯ ᠳᠦ ᠡᠳᠡᠭᠡᠷ ᠰᠢᠰᠲ᠋ᠧᠮ ᠨᠡᠪᠲᠡᠷᠡᠵᠦ ᠂ ᠲᠡᠭᠦᠨ ᠳᠦ ᠰᠠᠭᠤᠷᠢᠯᠠᠭᠰᠠᠨ ᠪᠦᠲᠦᠭᠡᠭᠳᠡᠬᠦᠨ ᠦᠢᠯᠡᠴᠢᠯᠡᠭᠡᠨ ᠨᠦᠭᠦᠳ ᠨᠢ ᠪᠣᠳᠠᠲᠤ ᠬᠡᠷᠡᠭᠯᠡᠭᠡ ᠪᠣᠯᠤᠨ᠎ᠠ ᠭᠡᠵᠦ ᠮᠣᠩᠭᠣᠯ ᠪᠠᠩᠬᠢᠨ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ