︽ᠤᠯᠠᠭᠠᠨᠪᠠᠭᠠᠲᠤᠷ ᠲᠡᠮᠦᠷ ᠵᠠᠮ︾ ᠤᠨ 2018 ᠣᠨ ᠤ ᠲᠡᠭᠡᠭᠡᠪᠦᠷᠢ ᠶᠢᠨ ᠲᠥᠯᠥᠪᠯᠡᠭᠡ ᠳᠠᠪᠠᠵᠤ ᠪᠠᠶᠡᠯᠡᠯᠡ ᠃ ᠲᠤᠰ ᠨᠡᠶᠢᠭᠡᠮᠯᠢᠭ ᠨᠢ ᠡᠨᠡ ᠵᠢᠯ 24.5 ᠰᠠᠶ᠎ᠠ ᠲᠣᠨ ᠠᠴᠢᠶ᠎ᠠ ᠲᠡᠭᠡᠭᠡᠪᠦᠷᠢᠯᠡᠬᠦ ᠵᠣᠷᠢᠯᠲᠠ ᠳᠡᠪᠰᠢᠭᠦᠯᠦᠭᠰᠡᠨ ᠶᠤᠮ᠃ ᠣᠨ ᠤ ᠡᠴᠦᠰ ᠲᠦ 25 ᠰᠠᠶ᠎ᠠ ᠭᠠᠷᠤᠢ ᠲᠣᠨ ᠳᠤ ᠬᠦᠷᠬᠦ ᠨᠢ ᠲᠣᠳᠣᠷᠬᠠᠢ ᠪᠣᠯᠤᠭᠠᠳ ᠪᠠᠶᠢᠨ᠎ᠠ᠃ ᠥᠩᠭᠡᠷᠡᠭᠰᠡᠨ ᠵᠢᠯ ︽ᠤᠯᠠᠭᠠᠨᠪᠠᠭᠠᠲᠤᠷ ᠲᠡᠮᠦᠷ ᠵᠠᠮ︾ 22.8 ᠰᠠᠶ᠎ᠠ ᠲᠣᠨ ᠠᠴᠢᠶ᠎ᠠ ᠲᠡᠭᠡᠭᠡᠪᠦᠷᠢᠯᠡᠭᠰᠡᠨ ᠨᠢ ᠲᠤᠰ ᠨᠡᠶᠢᠭᠡᠮᠯᠢᠭ ᠦᠨ ᠲᠡᠦᠬᠡᠨ ᠳᠦ ᠪᠠᠶᠢᠭ᠎ᠠ ᠦᠭᠡᠢ ᠠᠮᠵᠢᠯᠲᠠ ᠪᠠᠶᠢᠯ᠎ᠠ᠃
2018 ᠣᠨ ᠳᠤ ᠲᠡᠮᠦᠷ ᠵᠠᠮ ᠤᠨ ᠲᠡᠭᠡᠭᠡᠪᠦᠷᠢ ᠶᠢᠨ ᠬᠡᠮᠵᠢᠶ᠎ᠡ ᠤᠯᠠᠮ ᠦᠰᠴᠦ᠂ ᠬᠠᠷᠢᠯᠴᠠᠭᠴᠢ ᠨᠠᠷ ᠲᠤ ᠪᠠᠨ ᠲᠡᠮᠦᠷ ᠵᠠᠮ ᠤᠨ ᠲᠡᠭᠡᠭᠡᠪᠦᠷᠢ ᠶᠢᠨ ᠲᠠᠰᠤᠷᠠᠯᠲᠠ ᠦᠭᠡᠢ᠂ ᠨᠠᠶᠢᠳᠠᠪᠤᠷᠢᠲᠠᠢ ᠦᠢᠯᠡᠴᠢᠯᠡᠭᠡ ᠦᠵᠡᠭᠦᠯᠦᠭᠰᠡᠨ ᠨᠢ ᠪᠢᠽᠢᠨᠧᠰ ᠡᠷᠬᠢᠯᠡᠭᠴᠢ ᠠᠵᠤ ᠠᠬᠤᠢ ᠶᠢᠨ ᠨᠢᠭᠡᠴᠢ ᠨᠦᠭᠦᠳ ᠦᠨ ᠠᠰᠢᠭ ᠣᠷᠣᠯᠭ᠎ᠠ᠂ ᠤᠯᠤᠰ ᠤᠨ ᠲᠠᠲᠠᠪᠤᠷᠢ ᠶᠢᠨ ᠣᠷᠣᠯᠭ᠎ᠠ ᠶᠢ ᠨᠡᠮᠡᠭᠳᠡᠭᠦᠯᠵᠦ᠂ ᠡᠳ᠋ ᠍ ᠦᠨ ᠵᠠᠰᠠᠭ ᠤᠨ ᠥᠰᠦᠯᠲᠡ ᠶᠢ ᠬᠠᠩᠭᠠᠬᠤ ᠳᠤ ᠴᠢᠬᠤᠯᠠ ᠲᠦᠯᠬᠢᠴᠡ ᠪᠣᠯᠤᠯ᠎ᠠ᠃ 2018 ᠣᠨ ᠳᠤ 25 ᠰᠠᠶ᠎ᠠ ᠭᠠᠷᠤᠢ ᠲᠣᠨ ᠠᠴᠢᠶ᠎ᠠ ᠲᠡᠭᠡᠭᠡᠪᠦᠷᠢᠯᠡᠭᠰᠡᠨ ᠢᠶᠠᠷ ᠲᠤᠰ ᠨᠡᠶᠢᠭᠡᠮᠯᠢᠭ ᠲᠡᠭᠡᠭᠡᠬᠦ ᠨᠡᠪᠲᠡᠷᠡᠭᠦᠯᠦᠨ ᠥᠩᠭᠡᠷᠡᠭᠦᠯᠬᠦ ᠬᠦᠴᠦᠨ ᠴᠢᠳᠠᠯ ᠤᠨ ᠢᠶᠠᠨ ᠳᠡᠭᠡᠳᠦ ᠴᠡᠭ ᠲᠦ ᠲᠤᠯᠵᠤ ᠣᠴᠢᠪᠠ᠃ ᠡᠨᠡ ᠨᠢ ᠲᠤᠰ ᠨᠡᠶᠢᠭᠡᠮᠯᠢᠭ ᠦᠨ ᠰᠠᠭᠤᠷᠢ ᠪᠦᠲᠦᠴᠡ᠂ ᠬᠥᠳᠡᠯᠬᠦ ᠪᠦᠷᠢᠯᠳᠦᠬᠦᠨ ᠦ ᠫᠠᠷᠺ ᠢ ᠰᠢᠨᠡᠴᠢᠯᠡᠵᠦ ᠬᠥᠭᠵᠢᠭᠦᠯᠬᠦ ᠵᠠᠶᠢᠯᠠᠰᠢ ᠦᠭᠡᠢ ᠱᠠᠭᠠᠷᠳᠠᠯᠭ᠎ᠠ ᠲᠤᠯᠭᠠᠷᠠᠭᠰᠠᠨ ᠢ ᠬᠠᠷᠠᠭᠤᠯᠵᠤ ᠪᠠᠶᠢᠨ᠎ᠠ᠃