ᠮᠤᠩᠭᠤᠯ ᠠᠷᠠᠳ ᠤᠨ ᠨᠠᠮ ᠲᠥᠷᠥ ᠶᠢᠨ ᠡᠷᠬᠡ ᠮᠡᠳᠡᠯ ᠢ ᠠᠪᠤᠭᠰᠠᠨ ᠠᠴᠠ ᠬᠣᠶᠢᠰᠢᠬᠢ ᠬᠤᠭᠤᠴᠠᠭᠠᠨ ᠳᠤ ᠲᠥᠰᠥᠪ ᠦᠨ ᠠᠯᠳᠠᠭᠳᠠᠯ 2017 ᠣᠨ ᠳᠤ 2.4᠂ 2018 ᠣᠨ ᠳᠤ 2.7᠂ 2019 ᠣᠨ ᠳᠤ 1.9 ᠶᠡᠬᠡ ᠨᠠᠶᠤᠳ ᠨᠡᠶᠢᠲᠡ 7 ᠶᠡᠬᠡ ᠨᠠᠶᠤᠳ ᠲᠥᠭᠥᠷᠢᠭ ᠲᠦ ᠬᠦᠷᠦᠯ᠎ᠡ ᠃ ᠠᠵᠤ ᠦᠢᠯᠡᠳᠪᠦᠷᠢ᠂ ᠵᠠᠮ ᠲᠡᠭᠡᠭᠡᠪᠦᠷᠢ᠂ ᠬᠣᠲᠠ ᠪᠠᠶᠢᠭᠤᠯᠤᠯᠲᠠ᠂ ᠰᠤᠮᠤ ᠬᠥᠭᠵᠢᠭᠦᠯᠬᠦ ᠵᠡᠷᠭᠡ ᠶᠡᠬᠡ ᠪᠦᠲᠦᠭᠡᠨ ᠪᠠᠶᠢᠭᠤᠯᠤᠯᠲᠠ ᠶᠢᠨ ᠲᠥᠰᠥᠯ ᠦᠳ ᠲᠦ ᠵᠠᠷᠤᠴᠠᠭᠤᠯᠤᠭᠳᠠᠵᠤ ᠦᠷ᠎ᠡ ᠰᠢᠮ᠎ᠡ ᠨᠢ ᠮᠣᠩᠭᠣᠯ ᠤᠨ ᠠᠷᠠᠳ ᠲᠦᠮᠡᠨ ᠳᠦ ᠢᠯᠡ ᠲᠣᠳᠣ ᠬᠦᠷᠦᠭᠰᠡᠨ ︽ᠴᠢᠩᠭᠢᠰ︾ ᠪᠤᠨᠳ᠋ ᠤᠨ 1.5 ᠲᠡᠷᠪᠤᠮ ᠳ᠋ᠣᠯᠯᠠᠷ ᠤᠨ ᠵᠢᠭᠡᠯᠡ ᠶᠢ ᠢᠯᠡᠭᠦᠦ ᠥᠨᠳᠥᠷ ᠬᠦᠦ ᠲᠠᠢ ︽ᠭᠡᠷᠡᠭᠡ︾ ᠪᠤᠨᠳ᠋ ᠢᠶᠠᠷ᠂ ᠡᠸᠦ᠋ᠷᠤ᠋ ᠪᠤᠨᠳ᠋ ᠤᠨ 600 ᠰᠠᠶ᠎ᠠ ᠳ᠋ᠣᠯᠯᠠᠷ ᠤᠨ ᠵᠢᠭᠡᠯᠡ ᠶᠢ ᠢᠯᠡᠭᠦᠦ ᠥᠨᠳᠥᠷ ᠬᠦᠦ ᠲᠠᠢ ︽ᠬᠤᠷᠠᠯᠳᠠᠢ︾ ᠪᠤᠨᠳ᠋ ᠢᠶᠠᠷ ᠰᠤᠯᠢᠵᠤ ᠬᠤᠭᠤᠴᠠᠭ᠎ᠠ ᠠᠯᠳᠠᠭᠰᠠᠨ ᠢᠶᠠᠷ ᠬᠦᠦ ᠶᠢᠨ ᠵᠦᠷᠢᠶ᠎ᠡ ᠳᠦ ᠲᠥᠰᠥᠪ ᠢᠶᠡᠨ ᠴᠢᠷᠴᠦ᠂ ᠮᠣᠩᠭᠣᠯ ᠤᠯᠤᠰ ᠤᠨ ᠦᠷᠢ ᠶᠢ27.5 ᠲᠡᠷᠪᠤᠮ ᠳ᠋ᠣᠯᠯᠠᠷ ᠲᠤ ᠬᠦᠷᠭᠡᠵᠦ᠂ ᠲᠠᠲᠠᠪᠤᠷᠢ ᠪᠠᠨ ᠨᠡᠮᠡᠵᠦ ᠢᠷᠭᠡᠳ ᠢᠶᠡᠨ ᠬᠣᠭᠣᠰᠣᠯᠠᠵᠤ ᠪᠠᠶᠢᠨ᠎ᠠ᠃
ᠮᠤᠩᠭᠤᠯ ᠠᠷᠠᠳ ᠤᠨ ᠨᠠᠮ ᠍ ᠤᠨ ᠳᠣᠲᠣᠭᠠᠳᠤ ᠬᠠᠭᠠᠷᠠᠯ᠂ ᠪᠦᠯᠦᠭᠯᠡᠯ ᠬᠣᠭᠣᠷᠣᠨᠳᠣ ᠶᠢᠨ ᠲᠡᠮᠡᠴᠡᠯ ᠨᠠᠮ ᠤᠨ ᠢᠶᠠᠨ ᠰᠠᠪᠠᠨ ᠠᠴᠠ ᠬᠠᠯᠢᠵᠤ᠂ ᠮᠣᠩᠭᠣᠯ ᠲᠥᠷᠥ ᠶᠢᠨ ᠦᠢᠯᠡ ᠠᠵᠢᠯᠯᠠᠭ᠎ᠠ ᠶᠢ ᠨᠣᠴᠢᠲᠠᠢ ᠬᠢᠮᠤᠷᠠᠯ ᠳᠤ ᠬᠦᠷᠭᠡᠵᠦ᠂ ᠠᠷᠠᠳ ᠲᠦᠮᠡᠨ ᠦ ᠠᠮᠢᠳᠤᠷᠠᠯ ᠢ ᠲᠤᠶᠢᠯ ᠳᠤ ᠨᠢ ᠬᠦᠷᠲᠡᠯ᠎ᠡ ᠳᠣᠷᠣᠶᠢᠲᠠᠭᠤᠯᠤᠯᠠ᠃ ᠮᠤᠩᠭᠤᠯ ᠠᠷᠠᠳ ᠤᠨ ᠨᠠᠮ ᠍ ᠤᠨ ᠳᠠᠷᠤᠭ᠎ᠠ᠂ ᠶᠡᠷᠦᠩᠬᠡᠢ ᠰᠠᠶᠢᠳ ᠤ᠊∙ ᠬᠦᠷᠡᠯᠰᠦ᠋ᠬᠡ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠬᠠᠷᠢᠭᠤᠴᠠᠯᠭ᠎ᠠ ᠲᠠᠢ ᠶᠡᠨᠳᠡᠷ ᠡᠴᠡ ︽60 ᠲᠡᠷᠪᠤᠮ︾ ᠤᠨ ᠪᠢᠴᠢᠯᠭᠡ ᠦᠨᠡᠨ ᠭᠡᠳᠡᠭ ᠢ ᠬᠦᠯᠢᠶᠡᠨ ᠵᠥᠪᠰᠢᠶᠡᠷᠡᠭᠰᠡᠨ ᠢᠶᠡᠷ ᠠᠷᠠᠳᠴᠢᠯᠠᠭᠰᠠᠨ ᠨᠠᠮ ᠠᠴᠠ ᠤᠳᠠᠭ᠎ᠠ ᠳᠠᠷᠠᠭ᠎ᠠ ᠲᠠᠯᠪᠢᠵᠤ ᠪᠠᠶᠢᠭᠰᠠᠨ ᠰᠢᠭᠦᠮᠵᠢᠯᠡᠯ ᠪᠣᠳᠠᠲᠠᠢ ᠭᠡᠳᠡᠭ ᠢ ᠨᠣᠲᠠᠯᠠᠯ᠎ᠠ᠃
ᠮᠤᠩᠭᠤᠯ ᠠᠷᠠᠳ ᠤᠨ ᠨᠠᠮ ᠤᠨ ᠵᠠᠰᠠᠭ ᠤᠨ ᠭᠠᠵᠠᠷ ᠤᠨ ᠭᠡᠰᠢᠭᠦᠳ ᠺᠤᠨᠴᠸᠰᠰ ᠨᠡᠷ᠎ᠡ ᠶᠢᠨ ᠳᠣᠣᠷ᠎ᠠ 800 ᠭᠠᠷᠤᠢ ᠲᠡᠷᠪᠤᠮ ᠲᠥᠭᠥᠷᠢᠭ ᠢ ᠬᠤᠯᠠᠭᠠᠶᠢᠯᠠᠵᠤ᠂ ᠵᠠᠰᠠᠭ ᠤᠨ ᠭᠠᠵᠠᠷ ᠨᠢ ᠤᠭᠴᠤᠷᠠᠵᠤ ᠪᠠᠶᠢᠭᠰᠠᠨ ᠪᠣᠯ ᠰᠢᠳᠤᠷᠭᠤ ᠵᠢᠷᠤᠮ ᠢ ᠲᠣᠭᠲᠠᠭᠠᠨ᠎ᠠ ᠭᠡᠵᠦ ᠭᠠᠷᠴᠤ ᠢᠷᠡᠭᠰᠡᠨ ᠥᠨᠥ ᠶᠢᠨ ᠵᠠᠰᠠᠭ ᠤᠨ ᠭᠠᠵᠠᠷ ᠤᠯᠤᠰ ᠤᠨ ᠶᠡᠬᠡ ᠬᠤᠷᠠᠯ ᠤᠨ ᠭᠡᠰᠢᠭᠦᠳ ᠲᠡᠢ ᠪᠡᠨ ᠬᠤᠤᠪᠢᠯᠳᠤᠨ ᠵᠢᠵᠢᠭ ᠳᠤᠮᠳᠠ ᠦᠢᠯᠡᠳᠪᠤᠷᠢ ᠶᠢ ᠬᠦᠭᠵᠢᠭᠦᠯᠬᠦ ᠰᠠᠩ ᠍ ᠦᠨ ᠬᠥᠷᠥᠩᠭᠡ ᠶᠢ ᠥᠪᠡᠷᠰᠡᠳ ᠦᠨ ᠢᠶᠡᠨ ᠠᠮᠢ ᠠᠮᠢᠳᠤᠷᠠᠯ ᠢᠶᠠᠨ ᠳᠡᠭᠡᠭᠰᠢᠯᠡᠭᠦᠯᠬᠦ ᠬᠡᠷᠡᠭᠰᠡᠯ ᠪᠣᠯᠭᠠᠨ ᠬᠤᠯᠠᠭᠠᠶᠢᠯᠠᠭᠰᠠᠨ ᠤᠪᠠᠢ ᠦᠭᠡᠢ ᠦᠢᠯᠡᠳᠦᠯ ᠨᠢᠭᠡᠨᠲᠡ ᠢᠯᠡ ᠲᠣᠳᠣ ᠪᠣᠯᠵᠤ᠂ ᠠᠷᠠᠳ ᠲᠦᠮᠡᠨ ᠦ ᠪᠤᠬᠢᠨᠢᠳᠤᠯ ᠢ ᠪᠤᠢ ᠪᠣᠯᠭᠠᠯ᠎ᠠ᠃ ᠮᠤᠩᠭᠤᠯ ᠠᠷᠠᠳ ᠤᠨ ᠨᠠᠮ᠍ ᠤᠨ ᠤᠳᠤᠷᠢᠳᠤᠯᠭ᠎ᠠ ᠨᠠᠷ ᠰᠢᠭᠤᠳᠠᠢ ᠳᠤ ᠬᠢᠭᠰᠡᠨ ᠦᠬᠡᠷ ᠦᠨ ᠡᠪᠡᠷ ᠰᠢᠭ ᠭᠡᠳᠡᠰᠦᠨ ᠳᠦ ᠪᠡᠨ ᠬᠥᠯ ᠢᠶᠡᠨ ᠵᠢᠭᠢᠯᠴᠡᠨ ᠲᠥᠷᠥ ᠪᠡᠨ ᠬᠢᠮᠤᠷᠠᠭᠤᠯᠵᠤ᠂ ᠲᠦᠮᠡᠨ ᠢᠶᠡᠨ ᠬᠥᠰᠡᠷ ᠬᠠᠶᠠᠵᠤ ᠪᠠᠶᠢᠬᠤ ᠬᠣᠭᠣᠷᠣᠨᠳᠣ ᠳ᠋ᠣᠯᠯᠠᠷ ᠤᠨ ᠬᠠᠩᠰᠢ᠂ ᠪᠧᠨ᠋ᠽᠢᠨ ᠪᠣᠯᠤᠨ ᠪᠠᠷᠠᠭ᠎ᠠ ᠪᠦᠲᠦᠭᠡᠭᠳᠡᠬᠦᠨ ᠦ ᠦᠨ᠎ᠡ ᠤᠷᠢᠳ ᠡᠮᠦᠨ᠎ᠡ ᠬᠡᠵᠢᠶ᠎ᠡ ᠴᠤ ᠪᠠᠶᠢᠭ᠎ᠠ ᠦᠭᠡᠢ ᠪᠡᠷ ᠦᠰᠴᠦ᠂ ︽ᠣᠹᠹᠱᠣᠷ ᠤᠨ ᠮᠥᠩᠭᠥ︾ ᠶᠢ ᠣᠯᠵᠤ ᠢᠷᠡᠵᠦ᠂ ᠡᠵᠡᠳ ᠲᠦ ᠨᠢ ᠬᠠᠷᠢᠭᠤᠴᠠᠯᠭ᠎ᠠ ᠲᠣᠭᠠᠴᠠᠬᠤ ᠠᠮᠠᠯᠠᠯᠲᠠ ᠴᠤ ᠣᠷᠣ ᠰᠤᠷᠠᠭ ᠦᠭᠡᠢ ᠪᠣᠯᠤᠯ᠎ᠠ᠃ ᠡᠨᠡ ᠪᠦᠬᠦᠨ ᠢ ᠦᠨᠳᠦᠰᠦ ᠪᠣᠯᠭᠠᠨ᠂ ᠠᠷᠠᠳᠴᠢᠯᠠᠭᠰᠠᠨ ᠨᠠᠮ ᠤᠨ 9 ᠳ᠋ᠤᠭᠡᠷ ᠶᠡᠬᠡ ᠬᠤᠷᠠᠯ ᠤᠨ ᠲᠥᠯᠥᠭᠡᠯᠡᠭᠴᠢᠳ ᠪᠢᠳᠡ ᠳᠡᠭᠡᠷᠡᠬᠢ ᠬᠡᠷᠡᠭ ᠲᠦ ᠬᠣᠯᠪᠣᠭᠳᠠᠵᠤ᠂ ᠲᠥᠷᠥ ᠶᠢᠨ ᠬᠠᠤᠯᠢ᠂ ᠶᠣᠰᠣ ᠵᠦᠢ᠂ ᠰᠢᠳᠤᠷᠭᠤ ᠶᠣᠰᠣ ᠶᠢ ᠨᠣᠴᠢᠲᠠᠢ ᠵᠥᠷᠢᠴᠡᠭᠰᠡᠨ ᠤᠯᠤᠰ ᠤᠨ ᠶᠡᠬᠡ ᠬᠤᠷᠠᠯ ᠪᠣᠯᠤᠨ ᠵᠠᠰᠠᠭ ᠤᠨ ᠭᠠᠵᠠᠷ ᠤᠨ ᠭᠡᠰᠢᠭᠦᠳ᠂ ᠣᠷᠣᠨ ᠨᠤᠲᠤᠭ ᠤᠨ ᠪᠦᠬᠦ ᠱᠠᠲᠤᠨ ᠤ ᠤᠳᠤᠷᠢᠳᠤᠯᠭ᠎ᠠ ᠨᠤᠭᠤᠳ ᠢ ᠶᠠᠭᠠᠷᠠᠯᠲᠠᠢ ᠡᠭᠡᠭᠦᠯᠦᠨ ᠲᠠᠲᠠᠵᠤ᠂ ᠬᠠᠷᠢᠭᠤᠴᠠᠯᠭ᠎ᠠ ᠲᠣᠭᠠᠴᠠᠬᠤ ᠶᠢ ᠡᠷᠬᠡ ᠴᠢᠯᠦᠭᠡᠨ ᠦ ᠲᠦᠭᠦᠴᠡᠭᠡ᠂ ᠠᠷᠠᠳᠴᠢᠯᠠᠭᠰᠠᠨ ᠨᠠᠮ ᠤᠨ ᠮᠢᠩᠭ᠎ᠠ ᠮᠢᠩᠭᠠᠨ ᠭᠡᠰᠢᠭᠦᠳ᠂ ᠳᠡᠮᠵᠢᠭᠴᠢᠳ᠂ ᠠᠷᠠᠳ ᠲᠦᠮᠡᠨ ᠦ ᠪᠡᠨ ᠨᠡᠷ᠎ᠡ ᠶᠢᠨ ᠡᠮᠦᠨ᠎ᠡ ᠡᠴᠡ ᠬᠠᠲᠠᠭᠤ ᠱᠠᠭᠠᠷᠳᠠᠵᠤ ᠪᠠᠶᠢᠨ᠎ᠠ᠃ ᠬᠡᠷᠪᠡ ᠡᠨᠡᠬᠦ ᠱᠠᠭᠠᠷᠳᠠᠯᠭ᠎ᠠ ᠶᠢ ᠦᠯᠦ ᠲᠣᠭᠣᠬᠤ ᠠᠪᠠᠰᠤ ᠪᠢᠳᠡ ᠤᠯᠤᠰ ᠲᠥᠷᠥ ᠶᠢᠨ ᠲᠡᠮᠡᠴᠡᠯ ᠦᠨ ᠳᠠᠷᠠᠭ᠎ᠠ ᠶᠢᠨ ᠦᠶ᠎ᠡ ᠱᠠᠲᠤᠨ ᠳᠤ ᠰᠢᠯᠵᠢᠬᠦ ᠪᠣᠯᠤᠨ᠎ᠠ ᠭᠡᠳᠡᠭ ᠢᠶᠡᠨ ᠮᠡᠳᠡᠭᠳᠡᠵᠦ ᠪᠠᠶᠢᠨ᠎ᠠ᠃
ᠠᠷᠠᠳᠴᠢᠯᠠᠭᠰᠠᠨ ᠨᠠᠮ ᠤᠨ 9 ᠳ᠋ᠤᠭᠡᠷ ᠶᠡᠬᠡ ᠬᠤᠷᠠᠯ ᠤᠨ ᠲᠦᠯᠦᠭᠡᠯᠡᠭᠴᠢᠳ
2018 ᠣᠨ ᠤ 12 ᠳ᠋ᠤᠭᠠᠷ ᠰᠠᠷ᠎ᠠ ᠶᠢᠨ 5