ᠭ∙ᠽᠠᠨᠳᠠᠨᠪᠠᠯ ᠤᠯᠤᠰ ᠤᠨ ᠷᠧᠺᠣᠷᠳ᠋ ᠍ ᠢ ᠰᠢᠨᠡᠴᠢᠯᠡᠨ ᠲᠣᠭᠲᠠᠭᠠᠯ᠎ᠠ | News.MN

ᠭ∙ᠽᠠᠨᠳᠠᠨᠪᠠᠯ ᠤᠯᠤᠰ ᠤᠨ ᠷᠧᠺᠣᠷᠳ᠋ ᠍ ᠢ ᠰᠢᠨᠡᠴᠢᠯᠡᠨ ᠲᠣᠭᠲᠠᠭᠠᠯ᠎ᠠ

ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠵᠸᠵᠢᠶᠠᠩ ᠮᠤᠵᠢ ᠶᠢᠨ ᠬᠠᠩᠵᠸᠤ  ᠬᠤᠲᠠ ᠳᠤ 25 ᠮᠧᠲ᠋ᠷ ᠦᠨ ᠪᠠᠰᠰᠸᠢ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠥᠨᠥᠳᠥᠷ ︵2018.12.11︶ ᠡᠬᠢᠯᠡᠯ᠎ᠡ᠃ ᠮᠣᠩᠭᠣᠯ ᠤᠯᠤᠰ ᠠᠴᠠ ᠭ ∙ ᠽᠠᠨᠳᠠᠨᠪᠠᠯ᠂ ᠪ∙ᠡᠩᠬᠡᠬᠦ᠋ᠰᠡᠯᠡᠩ ᠨᠠᠷ ᠤᠨ ᠳᠥᠷᠪᠡᠨ ᠲᠠᠮᠢᠷᠴᠢᠨ ᠣᠷᠣᠯᠴᠠᠵᠤ ᠪᠠᠶᠢᠨ᠎ᠠ᠃
ᠥᠨᠥᠳᠥᠷ ᠭ∙ᠽᠠᠨᠳᠠᠨᠪᠠᠯ ᠡᠷᠡᠭᠲᠡᠶᠢᠴᠦᠳ ᠦᠨ 100 ᠮᠧᠲ᠋ᠷ ᠦᠨ ᠮᠡᠯᠡᠬᠡᠢ ᠰᠡᠯᠢᠯᠲᠡ ᠪᠡᠷ 1᠄02.93 ᠮᠢᠨᠦ᠋ᠲ ᠤᠨ ᠠᠮᠵᠢᠯᠲᠠ ᠪᠠᠷ ᠤᠯᠤᠰ ᠤᠨ ᠢᠶᠠᠨ ᠷᠧᠺᠣᠷᠳ᠋ ᠠᠮᠵᠢᠯᠲᠠ ᠶᠢ ᠰᠢᠨᠡᠴᠢᠯᠡᠨ ᠲᠣᠭᠲᠠᠭᠠᠯ᠎ᠠ᠃
ᠮᠥᠨ ᠪ∙ᠡᠩᠬᠡᠬᠦ᠋ᠰᠡᠯᠡᠩ ᠡᠮᠡᠭᠲᠡᠶᠢᠴᠦᠳ ᠦᠨ 200 ᠮᠧᠲ᠋ᠷ ᠦᠨ ᠥᠪᠥᠷ ᠢᠶᠡᠷ ᠳᠠᠯᠠᠯᠬᠤ ᠰᠡᠯᠢᠯᠲᠡ ᠪᠡᠷ 2᠄04.84 ᠮᠢᠨᠦ᠋ᠲ ᠤᠨ ᠠᠮᠵᠢᠯᠲᠠ ᠪᠠᠷ 56 ᠣᠷᠣᠨ ᠠᠴᠠ 37 ᠍ ᠳᠤᠭᠠᠷ ᠪᠠᠶᠢᠷᠢᠨ ᠳᠤ ᠣᠷᠣᠭᠰᠠᠨ ᠠᠴᠠ ᠭᠠᠳᠠᠨ᠎ᠠ ᠤᠯᠤᠰ ᠤᠨ ᠢᠶᠠᠨ ᠷᠧᠺᠣᠷᠳ᠋ ᠍ ᠢ ᠰᠢᠨᠡᠴᠢᠯᠡᠨ ᠲᠣᠭᠲᠠᠭᠠᠭᠠᠳ ᠪᠠᠶᠢᠨ᠎ᠠ᠃

ᠰᠡᠳᠬᠢᠭᠳᠡᠯ ᠦᠯᠡᠳᠡᠭᠡᠬᠦ