︽ᠶᠡᠬᠡ ᠠᠮᠤᠭᠤᠯᠠᠩᠲᠤ ᠨᠣᠮ ᠤᠨ ᠬᠦᠷᠳᠦᠨ︾ ᠬᠡᠶᠢᠳ ᠪᠠᠶᠢᠭᠤᠯᠤᠯ᠎ᠠ | News.MN

︽ᠶᠡᠬᠡ ᠠᠮᠤᠭᠤᠯᠠᠩᠲᠤ ᠨᠣᠮ ᠤᠨ ᠬᠦᠷᠳᠦᠨ︾ ᠬᠡᠶᠢᠳ ᠪᠠᠶᠢᠭᠤᠯᠤᠯ᠎ᠠ

ᠪᠤᠷᠬᠠᠨ ᠱᠠᠰᠢᠨ ᠢᠶᠠᠨ ᠰᠢᠲᠦᠬᠦ᠂ ᠬᠦᠮᠦᠨ ᠠᠷᠠᠳ ᠤᠨ ᠰᠠᠶᠢᠨ ᠰᠠᠶᠢᠬᠠᠨ ᠤ ᠲᠥᠯᠥᠭᠡ ᠥᠷᠥᠰᠢᠶᠡᠯ ᠵᠠᠯᠪᠠᠷᠢᠯ ᠦᠢᠯᠡᠳᠬᠦ ᠵᠣᠷᠢᠯᠭ᠎ᠠ ᠪᠠᠷ ᠬᠡᠰᠡᠭ ᠯᠠᠮᠠ ᠨᠠᠷ ᠨᠢᠭᠡᠳᠴᠦ ︽ᠶᠡᠬᠡ ᠠᠮᠤᠭᠤᠯᠠᠩᠲᠤ ᠨᠣᠮ ᠤᠨ ᠬᠦᠷᠳᠦᠨ︾ ᠬᠡᠶᠢᠳ ᠪᠠᠶᠢᠭᠤᠯᠵᠤ᠂ ᠥᠩᠭᠡᠷᠡᠭᠴᠢ ᠵᠤᠯᠠ ᠶᠢᠨ 25 ᠍ ᠤ ᠪᠢᠯᠢᠭᠲᠦ ᠰᠠᠶᠢᠨ ᠡᠳᠦᠷ ᠨᠡᠭᠡᠭᠡᠯᠲᠡ ᠶᠢ ᠨᠢ ᠬᠢᠯ᠎ᠡ ᠃ ᠦᠢᠯᠡ ᠠᠵᠢᠯᠯᠠᠭ᠎ᠠ ᠶᠢ ᠪᠠᠨ ᠡᠬᠢᠯᠡᠭᠦᠯᠦᠭᠡᠳ ᠤᠳᠠᠭ᠎ᠠ ᠦᠭᠡᠢ ᠪᠠᠶᠢᠭ᠎ᠠ ᠴᠤ ᠲᠤᠰ ᠬᠡᠶᠢᠳ ᠢ ᠵᠣᠷᠢᠬᠤ ᠰᠦᠰᠦᠭᠲᠡᠨ ᠣᠯᠠᠨ ᠤ ᠴᠤᠪᠤᠭ᠎ᠠ ᠡᠳᠦᠷ ᠡᠴᠡ ᠡᠳᠦᠷ ᠲᠦ ᠨᠡᠮᠡᠭᠳᠡᠭᠰᠡᠭᠡᠷ ᠪᠠᠶᠢᠭ᠎ᠠ ᠠᠵᠠᠢ ᠃
《ᠥᠨᠥ ᠶᠢᠨ ᠨᠡᠶᠢᠭᠡᠮ ᠳᠦ ᠠᠶᠢᠯ ᠡᠷᠦᠬᠡ ᠪᠦᠷᠢ ᠪᠤᠷᠬᠠᠨ ᠱᠠᠰᠢᠨ ᠢᠶᠠᠨ ᠳᠡᠭᠡᠳᠦᠯᠡᠨ ᠴᠠᠭ ᠢᠮᠠᠭᠲᠠ᠂ ᠠᠪᠤᠷᠠᠯ  ᠦᠷᠦᠰᠢᠶᠡᠯ ᠢᠶᠡᠨ ᠬᠦᠰᠡᠵᠦ ᠂ ᠵᠠᠯᠪᠠᠷᠢᠯ ᠦᠢᠯᠡᠳᠦᠨ ᠥᠪᠡᠷ ᠥᠪᠡᠷᠰᠡᠳ ᠦᠨ ᠵᠠᠩ ᠦᠢᠯᠡ ᠶᠢ ᠬᠢᠳᠡᠭ ᠪᠣᠯᠤᠭᠰᠠᠨ᠃ ᠡᠨᠡ ᠴᠤ ᠤᠳᠬ᠎ᠠ ᠪᠠᠷ ᠢᠶᠠᠨ ᠰᠦᠰᠦᠭᠲᠡᠨ ᠤᠯᠠᠨ ᠳᠤ ᠵᠣᠷᠢᠭᠤᠯᠤᠭᠳᠠᠭᠰᠠᠨ ᠪᠤᠷᠬᠠᠨ ᠨᠣᠮ ᠤᠨ ᠶᠡᠬᠡ ᠬᠡᠶᠢᠳ  ᠡᠶᠢᠨ  ᠬᠦ ᠪᠠᠶᠢᠭᠤᠯᠤᠭᠳᠠᠭᠠᠳ ᠪᠠᠶᠢᠨ᠎ᠠ ᠃《ᠶᠡᠬᠡ ᠠᠮᠤᠭᠤᠯᠠᠩᠲᠤ ᠨᠣᠮ ᠤᠨ ᠬᠦᠷᠳᠦᠨ 》 ᠬᠡᠶᠢᠳ ᠨᠢ ᠠᠩᠬᠠᠨ ᠤ ᠬᠤᠷᠠᠯ ᠨᠣᠮ ᠢᠶᠠᠨ ᠵᠤᠯᠠ ᠶᠢᠨ 25 ᠍ ᠤ ᠡᠳᠦᠷ ᠡᠬᠢᠯᠡᠭᠦᠯᠦᠭᠰᠡᠨ ᠪᠥᠭᠡᠳ ᠴᠢᠨᠠᠭᠰᠢᠳᠠ ᠦᠢᠯᠡ ᠠᠵᠢᠯᠯᠠᠭ᠎ᠠ ᠶᠢ ᠪᠠᠨ ᠤᠯᠠᠮ ᠥᠷᠭᠡᠵᠢᠭᠦᠯᠦᠨ᠎ᠡ  ᠬᠡᠮᠡᠨ ᠲᠤᠰ ᠬᠡᠶᠢᠳ ᠦᠨ ᠯᠠᠮᠠ ᠳ ∙ ᠪᠠᠯᠳᠣᠷᠵᠢ ᠬᠡᠯᠡᠯ᠎ᠡ᠃

ᠰᠡᠳᠬᠢᠭᠳᠡᠯ ᠦᠯᠡᠳᠡᠭᠡᠬᠦ