2018-2019 ᠣᠨ ᠳᠤ ᠪᠤᠭᠤᠳᠠᠢ ᠢᠮᠫᠤᠷᠲᠯᠠᠬᠤ ᠦᠭᠡᠢ | News.MN

2018-2019 ᠣᠨ ᠳᠤ ᠪᠤᠭᠤᠳᠠᠢ ᠢᠮᠫᠤᠷᠲᠯᠠᠬᠤ ᠦᠭᠡᠢ

ᠤᠷᠭᠤᠴᠠ ᠬᠤᠷᠢᠶᠠᠯᠲᠠ ᠶᠢᠨ ᠤᠷᠢᠳᠴᠢᠯᠠᠭᠰᠠᠨ ᠳ᠋ᠦᠩ ᠢᠶᠡᠷ 428.6 ᠮᠢᠩᠭᠠᠨ ᠲᠣᠨ ᠤᠯᠠᠭᠠᠨ ᠪᠤᠭᠤᠳᠠᠢ᠂ 267.1 ᠮᠢᠩᠭᠠᠨ ᠲᠣᠨ ᠲᠥᠮᠥᠰᠥ᠂ ᠬᠦᠨᠡᠰᠦᠨ ᠦ ᠨᠣᠭᠣᠭ᠎ᠠ ᠲᠤᠰ ᠲᠤᠰ ᠬᠤᠷᠢᠶᠠᠨ ᠠᠪᠤᠭᠰᠠᠨ ᠲᠠᠯ᠎ᠠ ᠪᠠᠷ ᠬᠦᠨᠡᠰᠦ ᠬᠦᠳᠡᠭᠡ ᠠᠵᠤ ᠠᠬᠤᠢ ᠶᠢᠨ ᠶᠠᠮᠤᠨ ᠮᠡᠳᠡᠭᠡᠯᠡᠯ᠎ᠡ᠃ ᠢᠩᠭᠢᠭᠰᠡᠨ ᠢᠶᠡᠷ ᠪᠤᠭᠤᠳᠠᠢ᠂ ᠲᠥᠮᠦᠰᠦᠨ ᠦ ᠬᠡᠷᠡᠭᠴᠡᠭᠡ ᠶᠢ ᠳᠣᠲᠣᠭᠠᠳᠤ ᠠᠴᠠ ᠬᠠᠩᠭᠠᠬᠤ ᠪᠣᠯᠤᠮᠵᠢ ᠲᠠᠢ ᠪᠣᠯᠵᠠᠢ᠃ ᠰᠢᠨ᠎ᠡ ᠤᠷᠭᠤᠴᠠ ᠠᠴᠠ ᠭᠤᠯᠢᠷ ᠤᠨ ᠦᠢᠯᠡᠳᠪᠦᠷᠢ ᠨᠦᠭᠦᠳ ᠲᠦ 226.4 ᠮᠢᠩᠭᠠᠨ ᠲᠣᠨ᠂ ᠲᠠᠷᠢᠶᠠᠯᠠᠩ ᠡᠷᠬᠢᠯᠡᠯᠲᠡ ᠶᠢ ᠳᠡᠮᠵᠢᠬᠦ ᠰᠠᠩ ᠳᠤ 50.5 ᠮᠢᠩᠭᠠᠨ ᠲᠣᠨ ᠪᠤᠭᠤᠳᠠᠢ ᠶᠢ ᠨᠡᠶᠢᠯᠡᠭᠦᠯᠦᠭᠰᠡᠨ ᠪᠠᠶᠢᠨ᠎ᠠ᠃ ᠬᠠᠷᠢᠨ 63.1 ᠮᠢᠩᠭᠠᠨ ᠲᠣᠨ ᠪᠤᠭᠤᠳᠠᠢ ᠪᠣᠷᠣᠯᠠᠭᠤᠯᠤᠯᠲᠠ ᠶᠢᠨ ᠱᠠᠲᠤᠨ ᠳᠤ ᠪᠠᠨ ᠪᠠᠶᠢᠭ᠎ᠠ ᠲᠠᠯ᠎ᠠ ᠪᠠᠷ ᠰᠠᠯᠪᠤᠷᠢ ᠶᠢᠨ ᠶᠠᠮᠤᠨ ᠮᠡᠳᠡᠭᠡᠯᠡᠭᠰᠡᠨ ᠶᠤᠮ᠃ ︽ᠬᠥᠪᠰᠥᠭᠥᠯ ᠠᠯᠲᠠᠨ ᠳᠤᠭᠤᠯᠠᠭ᠎ᠠ︾ ᠺᠣᠮᠫᠠᠨᠢ ᠶᠢᠨ ᠬᠤᠪᠢ ᠳᠤ ᠡᠨᠡ ᠣᠨ ᠳᠤ ᠨᠡᠶᠢᠲᠡ 5.8 ᠮᠢᠩᠭᠠᠨ ᠲᠣᠨ ᠤᠯᠠᠭᠠᠨ ᠪᠤᠭᠤᠳᠠᠢ ᠬᠤᠷᠢᠶᠠᠵᠤ ᠭᠠ ᠶᠢᠨ ᠳᠤᠮᠳᠠᠴᠢ ᠤᠷᠭᠤᠴᠠ 15.1 ᠼᠧᠨᠲᠨᠧᠷ ᠪᠠᠶᠢᠭᠰᠠᠨ ᠲᠠᠯ᠎ᠠ ᠪᠠᠷ ᠣᠨᠴᠠᠯᠠᠯ᠎ᠠ᠃ ᠡᠨᠡ ᠨᠢ ᠰᠡᠭᠦᠯ ᠦᠨ ᠵᠢᠷᠭᠤᠭᠠᠨ ᠵᠢᠯ ᠦᠨ ᠳᠤᠮᠳᠠᠴᠢ ᠠᠴᠠ 36 ᠬᠤᠪᠢ ᠪᠠᠷ ᠥᠨᠳᠥᠷ ᠦᠵᠡᠭᠦᠯᠦᠯᠲᠡ ᠪᠣᠯᠤᠭᠰᠠᠨ ᠪᠠᠶᠢᠨ᠎ᠠ᠃ ᠲᠤᠰ ᠺᠣᠮᠫᠠᠨᠢ ᠡᠨᠡ ᠵᠢᠯ ᠦᠨ ᠤᠯᠠᠭᠠᠨ ᠪᠤᠭᠤᠳᠠᠢ ᠶᠢᠨ ᠴᠢᠨᠠᠷ ᠢ  ︽ᠰᠠᠶᠢᠨ︾ ᠭᠡᠵᠦ ᠳ᠋ᠦᠩᠨᠡᠯ᠎ᠡ᠃

ᠰᠡᠳᠬᠢᠭᠳᠡᠯ ᠦᠯᠡᠳᠡᠭᠡᠬᠦ