ᠭᠡᠰᠢᠭᠦᠳ ᠢ ᠪᠦᠷᠢᠨ ᠡᠷᠬᠡ ᠡᠴᠡ ᠪᠡᠨ ᠲᠠᠲᠠᠭᠠᠯᠵᠠᠬᠤ ᠶᠢ ᠤᠷᠢᠶᠠᠯᠠᠵᠤ ᠪᠠᠶᠢᠨ᠎ᠠ | News.MN

ᠭᠡᠰᠢᠭᠦᠳ ᠢ ᠪᠦᠷᠢᠨ ᠡᠷᠬᠡ ᠡᠴᠡ ᠪᠡᠨ ᠲᠠᠲᠠᠭᠠᠯᠵᠠᠬᠤ ᠶᠢ ᠤᠷᠢᠶᠠᠯᠠᠵᠤ ᠪᠠᠶᠢᠨ᠎ᠠ

ᠵᠢᠵᠢᠭ ᠳᠤᠮᠳᠠ ᠦᠢᠯᠡᠳᠪᠤᠷᠢ ᠬᠦᠭᠵᠢᠭᠦᠯᠬᠦ ᠰᠠᠩ ᠠᠴᠠ ᠠᠪᠤᠭᠰᠠᠨ ᠤᠯᠤᠰ ᠤᠨ ᠶᠡᠬᠡ ᠬᠤᠷᠠᠯ ᠤᠨ ᠭᠡᠰᠢᠭᠦᠳ ᠲᠦ ᠬᠠᠮᠢᠶᠠᠷᠬᠤ  ᠵᠢᠭᠡᠯᠡ ᠶᠢᠨ ᠠᠰᠠᠭᠤᠳᠠᠯ ᠢᠶᠠᠷ ᠥᠨᠥᠳᠥᠷ ᠨ∙ᠨᠣᠮᠲᠠᠶᠢᠪᠠᠶᠠᠷ᠂ ᠳ ∙ ᠬᠠᠶ᠋ᠢᠩᠬᠠᠶᠢᠷᠸ᠎ᠠ᠂ ᠮ∙ᠪᠢᠯᠢᠭᠲᠦ᠂ ᠨ∙ᠠᠮᠤᠷᠵᠠᠶᠠᠭ᠎ᠠ᠂ ᠠ᠊∙ᠤᠨᠳᠤᠷᠠ᠂ ᠵ∙ᠮᠥᠩᠬᠡᠪᠠᠲᠤ ᠨᠠᠷ ᠤᠨ ᠭᠡᠰᠢᠭᠦᠳ ᠮᠡᠳᠡᠭᠡᠯᠡᠯ ᠬᠢᠯ᠎ᠡ᠃
ᠵ∙ ᠪᠠᠲᠤᠡᠷᠳᠡᠨᠢ᠄ ᠠᠷᠠᠳ ᠢᠷᠭᠡᠳ ᠲᠦ ᠣᠴᠢᠬᠤ ᠶᠣᠰᠣᠲᠠᠢ᠂ ᠠᠵᠢᠯ ᠤᠨ ᠪᠠᠶᠢᠷᠢ ᠨᠡᠮᠡᠭᠳᠡᠭᠦᠯᠬᠦ ᠵᠣᠷᠢᠯᠭ᠎ᠠ ᠲᠠᠢ  ᠵᠢᠭᠡᠯᠡ ᠶᠢ ᠵᠠᠰᠠᠭ ᠤᠨ ᠭᠠᠵᠠᠷ᠂ ᠤᠯᠤᠰ ᠤᠨ ᠶᠡᠬᠡ ᠬᠤᠷᠠᠯ ᠤᠨ ᠭᠡᠰᠢᠭᠦᠳ ᠪᠣᠯᠤᠨ ᠨᠠᠮ ᠤᠨ ᠨᠥᠯᠥᠭᠡ ᠪᠦᠬᠦᠢ  ᠬᠦᠮᠦᠰ ᠠᠪᠤᠭᠰᠠᠨ ᠨᠢ ᠢᠯᠡ ᠪᠣᠯᠤᠭᠠᠳ ᠪᠠᠶᠢᠭ᠎ᠠ ᠴᠦ ᠬᠠᠤᠯᠢ ᠬᠢᠨᠠᠯᠲᠠ ᠶᠢᠨ ᠪᠠᠶᠢᠭᠤᠯᠤᠯᠭ᠎ᠠ ᠪᠠᠷ ᠰᠢᠯᠭᠠᠭᠳᠠᠬᠤ ᠦᠭᠡᠢ ᠪᠠᠶᠢᠨ᠎ᠠ᠃  ᠲᠡᠶᠢᠮᠦ ᠡᠴᠡ ᠤᠯᠤᠰ ᠤᠨ ᠶᠡᠬᠡ ᠬᠤᠷᠠᠯ ᠤᠨ ᠨᠡᠷ᠎ᠡ ᠪᠦᠬᠦᠢ 20 ᠣᠷᠴᠢᠮ ᠭᠡᠰᠢᠭᠦᠨ ᠪᠦᠷᠢᠨ  ᠡᠷᠬᠡ ᠡᠴᠡ ᠪᠡᠨ ᠲᠠᠲᠠᠭᠠᠯᠵᠠᠵᠤ᠂ ᠰᠢᠯᠭᠠᠭᠤᠯᠬᠤ ᠳᠤ ᠪᠡᠯᠡᠨ ᠪᠠᠶᠢᠭ᠎ᠠ ᠪᠠᠨ ᠢᠯᠡᠷᠬᠡᠶᠢᠯᠡᠵᠦ ᠪᠠᠶᠢᠨ᠎ᠠ᠃ ᠪᠤᠰᠤᠳ ᠭᠡᠰᠢᠭᠦᠳ ᠢ ᠮᠥᠨ ᠤᠷᠢᠶᠠᠯᠠᠵᠤ᠂ ᠪᠢᠳᠡ ᠭᠠᠷ ᠤᠨ ᠦᠰᠦᠭ ᠢᠶᠡᠨ ᠵᠢᠷᠤᠵᠤ᠂ ᠤᠯᠤᠰ ᠤᠨ ᠶᠡᠬᠡ ᠬᠤᠷᠠᠯ ᠤᠨ ᠶᠤᠰᠤ ᠵᠦᠢ ᠶᠢᠨ ᠳᠡᠳ᠋ ᠬᠣᠷᠢᠶᠠᠨ ᠳᠤ ᠬᠦᠷᠭᠡᠭᠦᠯᠵᠦ ᠪᠠᠶᠢᠨ᠎ᠠ ᠭᠡᠵᠦ ᠲᠣᠳᠣᠳᠬᠠᠭᠰᠠᠨ ᠶᠤᠮ᠃ ᠮᠥᠨ ᠡᠨᠡ ᠦᠶ᠎ᠡ ᠪᠡᠷ ᠤᠯᠤᠰ ᠤᠨ ᠶᠡᠬᠡ ᠬᠤᠷᠠᠯ ᠶᠢᠨ ᠭᠡᠰᠢᠭᠦᠨ ᠵ∙ᠮᠥᠩᠬᠡᠪᠠᠲᠤ ᠄ ᠬᠡᠪᠯᠡᠯ ᠢᠶᠡᠷ ᠶᠠᠩᠵᠤ ᠪᠦᠷᠢ ᠶᠢᠨ  ᠨᠡᠷ᠎ᠡ ᠶᠠᠪᠤᠵᠤ ᠪᠠᠶᠢᠭ᠎ᠠ ᠂ ᠪᠢᠳᠡ ᠲᠣᠳᠣᠷᠬᠠᠢ ᠨᠡᠷ᠎ᠡ ᠬᠡᠯᠡᠵᠦ ᠴᠢᠳᠠᠬᠤ ᠦᠭᠡᠢ ᠪᠠᠶᠢᠨ᠎ᠠ᠃  ᠵᠢᠵᠢᠭ ᠳᠤᠮᠳᠠ ᠶᠢᠨ ᠵᠢᠭᠡᠯᠡ  ᠶᠢ ᠪᠦᠳᠡᠭᠢᠷᠡᠭᠦᠯᠬᠦ ᠴᠢᠭᠯᠡᠯ ᠳᠦ ᠵᠠᠰᠠᠭ ᠤᠨ ᠭᠠᠵᠠᠷ ᠠᠴᠠ ᠵᠣᠷᠢᠭᠤᠳᠠ ᠠᠵᠢᠯᠯᠠᠵᠤ ᠪᠠᠶᠢᠭ᠎ᠠ ᠭᠡᠵᠦ ᠬᠡᠪᠯᠡᠯ ᠦᠳ ᠪᠢᠴᠢᠵᠦ ᠪᠠᠶᠢᠨ᠎ᠠ ᠭᠡᠰᠡᠨ ᠶᠤᠮ᠃

ᠰᠡᠳᠬᠢᠭᠳᠡᠯ ᠦᠯᠡᠳᠡᠭᠡᠬᠦ