ᠰᠤᠯᠤᠩᠭᠤᠰ ᠲᠤ ᠰᠠᠭᠠᠳᠠᠭᠤᠯᠤᠭᠳᠠᠵᠠᠢ | News.MN

ᠰᠤᠯᠤᠩᠭᠤᠰ ᠲᠤ ᠰᠠᠭᠠᠳᠠᠭᠤᠯᠤᠭᠳᠠᠵᠠᠢ

ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠤᠨ ᠲᠧᠭᠦ᠋ ᠬᠣᠲᠠ ᠶᠢᠨ ᠴᠠᠭᠳᠠᠭ᠎ᠠ ᠶᠢᠨ ᠭᠠᠵᠠᠷ ᠮᠣᠩᠭᠣᠯ ᠤᠯᠤᠰ ᠤᠨ ᠢᠷᠭᠡᠨA ᠢ  ᠲᠠᠩᠬᠠᠢ ᠶᠢᠨ ᠬᠡᠷᠡᠭ ᠢᠶᠡᠷ ᠡᠨᠡ ᠰᠠᠷ᠎ᠠ ᠶᠢᠨ 4 ᠍ ᠦ ᠡᠳᠦᠷ ᠰᠠᠭᠠᠲᠠᠭᠤᠯᠵᠠᠢ᠃ ᠲᠤᠰ ᠤᠯᠤᠰ ᠲᠤ  ᠭᠡᠷᠡᠲᠤ ᠠᠵᠢᠯᠲᠠᠨ ᠢᠶᠠᠷ ᠢᠷᠡᠭᠰᠡᠨ ᠢᠷᠭᠡᠨ A  ︵23 ᠨᠠᠰᠤᠲᠠᠢ︶ ᠠᠴᠢᠶᠠᠨ ᠤ ᠮᠠᠰᠢᠨ ᠤ ᠵᠢᠯᠣᠭᠣᠴᠢ 50 ᠨᠠᠰᠤᠲᠠᠢ ᠰᠣᠯᠣᠩᠭᠣᠰ ᠢᠷᠭᠡᠨ ᠢ ᠵᠣᠳᠣᠵᠤ᠂ ᠲᠠᠩᠬᠠᠶᠢᠷᠠᠭᠰᠠᠨ ᠪᠠᠶᠢᠨ᠎ᠠ᠃  ᠲᠡᠷᠡ  ᠪᠡᠷ ᠳᠠᠭᠤᠳᠠᠯᠭ᠎ᠠ ᠪᠠᠷ ᠣᠴᠢᠭᠰᠠᠨ ᠴᠠᠭᠳᠠᠭ᠎ᠠ ᠨᠠᠷ ᠲᠤ ᠴᠤ ᠡᠰᠡᠷᠭᠦᠴᠡᠯ ᠦᠵᠡᠭᠦᠯᠵᠡᠢ᠃ ᠢᠷᠭᠡᠨ A ᠨᠢ ᠡᠨᠡ ᠰᠠᠷ᠎ᠠ ᠶᠢᠨ 4 ᠍ ᠦ ᠥᠷᠯᠥᠭᠡ ᠦᠷ ᠢᠶᠡᠷ ᠡᠨᠡᠬᠦ ᠬᠡᠷᠡᠭ ᠢ ᠦᠢᠯᠡᠳᠦᠭᠰᠡᠨ ᠪᠥᠭᠡᠳ  ᠰᠸᠦ᠋ᠯ ᠬᠣᠲᠠ ᠤᠷᠤᠭᠤ ᠶᠠᠭᠠᠷᠠᠯᠲᠠᠢ ᠶᠠᠪᠤᠬᠤ ᠭᠡᠵᠦ ᠪᠠᠶᠢᠭᠰᠠᠨ ᠪᠠᠶᠢᠨ᠎ᠠ᠃
ᠲᠸᠭᠦ᠋ ᠬᠣᠲᠠ ᠶᠢᠨ ᠴᠠᠭᠳᠠᠭ᠎ᠠ ᠶᠢᠨ ᠭᠠᠵᠠᠷ ᠰᠠᠭᠠᠳᠠᠭᠤᠯᠤᠭᠳᠠᠭᠠᠳ ᠪᠠᠶᠢᠭ᠎ᠠ ᠢᠷᠭᠡᠨ A ᠨᠢ ᠥᠩᠭᠡᠷᠡᠭᠴᠢ ᠠᠷᠪᠠᠨ ᠨᠢᠭᠡᠳᠦᠭᠡᠷ ᠰᠠᠷ᠎ᠠ ᠶᠢᠨ 26 ᠍ ᠤ ᠡᠳᠦᠷ ᠦᠢᠯᠡᠳᠪᠦᠷᠢ ᠳᠦ ᠠᠵᠢᠯᠯᠠᠬᠤ ᠪᠠᠷ ᠬᠤᠪᠢᠶᠠᠷᠢᠯᠠᠭᠳᠠᠵᠠᠢ᠃  ᠰᠤᠯᠤᠩᠭᠤᠰ ᠲᠤ ᠣᠴᠢᠭᠠᠳ ᠤᠳᠠᠭ᠎ᠠ ᠦᠭᠡᠢ ᠪᠠᠶᠢᠭᠰᠠᠨA ᠨᠢ ᠲᠠᠩᠬᠠᠢ ᠶᠢᠨ ᠬᠡᠷᠡᠭ ᠬᠢᠬᠦ ᠪᠣᠯᠤᠭᠰᠠᠨ ᠰᠢᠯᠲᠠᠭᠠᠨ ᠨᠢ ᠮᠣᠩᠭᠣᠯ  ᠤᠷᠤᠭᠤ ᠶᠠᠭᠠᠷᠠᠯᠲᠠᠢ ᠪᠤᠴᠠᠬᠤ ᠪᠣᠯᠤᠭᠰᠠᠨ ᠠᠴᠠ ᠪᠣᠯᠵᠠᠢ᠃ ᠰᠸᠦ᠋ᠯ ᠬᠣᠲᠠ ᠤᠷᠤᠭᠤ ᠶᠠᠪᠤᠬᠤ ᠭᠡᠳ ᠵᠠᠮ ᠤᠨ ᠤᠨᠤᠭᠠᠨ ᠳᠤ ᠳᠠᠶᠢᠭᠳᠠᠬᠤ ᠪᠠᠷ ᠠᠴᠢᠶᠠᠨ ᠤ ᠮᠠᠰᠢᠨ ᠢ ᠵᠣᠭᠰᠣᠭᠠᠭᠰᠠᠨ ᠪᠠᠶᠢᠨ᠎ᠠ᠃ Aᠨᠢ ᠵᠢᠯᠣᠭᠣᠴᠢ ᠲᠠᠢ ᠬᠡᠯᠡ ᠣᠶᠢᠯᠠᠭᠠᠯᠴᠠᠬᠤ ᠦᠭᠡᠢ ᠶᠢᠨ ᠤᠯᠠᠮ ᠠᠴᠠ ᠰᠣᠯᠣᠩᠭᠣᠰ ᠢᠷᠭᠡᠨ ᠢ ᠵᠣᠳᠣᠵᠤ ᠲᠠᠩᠬᠠᠶᠢᠷᠠᠵᠠᠢ᠃

ᠰᠡᠳᠬᠢᠭᠳᠡᠯ ᠦᠯᠡᠳᠡᠭᠡᠬᠦ