ᠫᠠᠦ᠋ᠷᠯᠢᠹᠲ᠋ᠢᠨ ‍ᠣ ᠲᠡᠮᠡᠴᠡᠭᠡᠨ ᠮᠣᠩᠭᠣᠯ ᠳᠤ ᠪᠣᠯᠵᠤ ᠪᠠᠶᠢᠨ᠎ᠠ | News.MN

ᠫᠠᠦ᠋ᠷᠯᠢᠹᠲ᠋ᠢᠨ ‍ᠣ ᠲᠡᠮᠡᠴᠡᠭᠡᠨ ᠮᠣᠩᠭᠣᠯ ᠳᠤ ᠪᠣᠯᠵᠤ ᠪᠠᠶᠢᠨ᠎ᠠ

ᠮᠣᠩᠭᠣᠯ ᠤᠯᠤᠰ ᠲᠤ ᠠᠩᠬ᠎ᠠ ᠤᠳᠠᠭ᠎ᠠ ᠺᠯᠠᠰᠰᠢᠺ ᠫᠠᠦ᠋ᠷᠯᠢᠹᠲ᠋ᠢᠨ ‍ᠣ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠵᠤ ᠪᠠᠶᠢᠨ᠎ᠠ ᠃ Holiday Inn ᠵᠣᠴᠢᠳ ᠪᠠᠭᠤᠳᠠᠯ ᠳᠤ ᠪᠣᠯᠵᠤ ᠪᠤᠢ ᠲᠡᠮᠡᠴᠡᠭᠡᠨ ᠳᠦ 18 ᠣᠷᠣᠨ ᠤ 400 ᠭᠠᠷᠤᠢ ᠲᠠᠮᠢᠷᠴᠢᠳ ᠲᠠᠲᠠᠯᠲᠠ᠂ ᠰᠢᠬᠠᠯᠲᠠ᠂ ᠰᠠᠭᠤᠯᠲᠠ ᠭᠡᠰᠡᠨ ᠭᠤᠷᠪᠠᠨ ᠲᠥᠷᠥᠯ ᠢᠶᠡᠷ ᠡᠷᠡᠭᠲᠡᠢ᠂ ᠡᠮᠡᠭᠲᠡᠢ ᠲᠤᠰ ᠪᠦᠷᠢ ᠨᠠᠶᠢᠮᠠᠨ ᠵᠢᠩ ᠳᠦ ᠠᠪᠤᠷᠭᠤ ᠨᠤᠭᠤᠳ ᠢᠶᠠᠨ ᠲᠣᠳᠣᠷᠠᠭᠤᠯᠤᠨ᠎ᠠ᠃ ᠡᠨᠡᠬᠦ ᠲᠡᠮᠡᠴᠡᠭᠡᠨ ᠳᠦ ᠮᠠᠨ ᠤ ᠤᠯᠤᠰ ᠠᠴᠠ 78 ᠲᠠᠮᠢᠷᠴᠢᠨ ᠥᠷᠢᠰᠦᠯᠳᠦᠵᠦ ᠪᠠᠶᠢᠭ᠎ᠠ ᠪᠥᠭᠡᠳ ᠲᠡᠮᠡᠴᠡᠭᠡᠨ ᠢᠷᠡᠬᠦ ᠪᠢᠮᠪᠠ ᠭᠠᠷᠠᠭ ᠲᠤ ᠥᠨᠳᠥᠷᠯᠡᠨ᠎ᠡ᠃
ᠮᠠᠨ ᠤ ᠤᠯᠤᠰ ᠲᠤ ᠫᠠᠦ᠋ᠷᠯᠢᠹᠲ᠋ᠢᠨ ‍ᠣ ᠣᠯᠠᠨ ᠤᠯᠤᠰ ᠤᠨ ᠲᠡᠮᠡᠴᠡᠭᠡᠨ ᠬᠤᠶᠠᠳᠠᠬᠢ ᠤᠳᠠᠭ᠎ᠠ ᠪᠠᠨ ᠵᠣᠬᠢᠶᠠᠭᠳᠠᠵᠤ ᠪᠠᠶᠢᠭ᠎ᠠ ᠨᠢ ᠡᠨᠡ ᠶᠤᠮ᠃ ᠥᠩᠭᠡᠷᠡᠭᠴᠢ ᠠᠷᠪᠠᠳᠤᠭᠠᠷ ᠰᠠᠷ᠎ᠠ ᠳᠤ ᠫᠠᠦ᠋ᠷᠯᠢᠹᠲ᠋ᠢᠨ ‍ᠣ ᠮᠠᠰᠲ᠋ᠸᠷ ᠤᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠤᠭᠰᠠᠨ ᠪᠢᠯᠡ᠃

ᠰᠡᠳᠬᠢᠭᠳᠡᠯ ᠦᠯᠡᠳᠡᠭᠡᠬᠦ