ᠮ • ᠡᠩᠬᠡᠪᠤᠯᠤᠳ ᠤᠨ ᠵᠦᠪᠯᠡᠬᠦ ᠢᠩᠭᠢᠵᠤ ᠬᠡᠯᠡᠯ᠎ᠡ | News.MN

ᠮ • ᠡᠩᠬᠡᠪᠤᠯᠤᠳ ᠤᠨ ᠵᠦᠪᠯᠡᠬᠦ ᠢᠩᠭᠢᠵᠤ ᠬᠡᠯᠡᠯ᠎ᠡ

ᠤᠯᠤᠰ ᠤᠨ ᠶᠡᠬᠡ ᠬᠤᠷᠠᠯ ᠤᠨ ᠳᠠᠷᠤᠭ᠎ᠠ ᠶᠢᠨ ᠤᠯᠤᠰ ᠲᠥᠷᠥ ᠶᠢᠨ ᠪᠣᠳᠣᠯᠭ᠎ᠠ ᠶᠢᠨ ᠵᠦᠪᠯᠡᠬᠦ ᠪ∙ᠭᠦᠨᠪᠢᠯᠢᠭ ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠶᠢ ᠤᠭᠴᠠᠷᠠᠭᠤᠯᠬᠤ ᠲᠠᠯ᠎ᠠ ᠪᠠᠷ ᠬᠠᠤᠯᠢ ᠳᠤ ᠬᠡᠷᠬᠢᠨ ᠵᠢᠭᠠᠭᠰᠠᠨ ᠪᠠᠶᠢᠳᠠᠭ ᠲᠠᠯ᠎ᠠ ᠪᠠᠷ ᠲᠠᠶᠢᠯᠪᠤᠷᠢ᠂ ᠮᠡᠳᠡᠭᠡᠯᠡᠯ ᠥᠭᠭᠦᠯ᠎ᠡ᠃  ᠲᠡᠷᠡ᠄  ︽ᠮᠣᠩᠭᠣᠯ ᠤᠯᠤᠰ ᠤᠨ ᠦᠨᠳᠦᠰᠦᠨ ᠬᠠᠤᠯᠢ︾ ᠶᠢᠨ 24 ᠳ᠋ᠤᠭᠡᠷ ᠵᠦᠢᠯ ᠦᠨ 24.2 ᠳᠠᠬᠢ ᠬᠡᠰᠡᠭ ᠲᠦ ᠤᠯᠤᠰ ᠤᠨ ᠶᠡᠬᠡ ᠬᠤᠷᠠᠯ ᠤᠨ ᠳᠠᠷᠤᠭ᠎ᠠ᠂ ᠳᠡᠳ᠋ ᠳᠠᠷᠤᠭ᠎ᠠ ᠶᠢᠨ ᠪᠦᠷᠢᠨ ᠡᠷᠬᠡ ᠶᠢᠨ ᠬᠤᠭᠤᠴᠠᠭ᠎ᠠ ᠳᠥᠷᠪᠡᠨ ᠵᠢᠯ ᠪᠠᠶᠢᠬᠤ ᠪᠥᠭᠡᠳ ᠬᠠᠤᠯᠢ ᠳᠤ ᠵᠢᠭᠠᠭᠰᠠᠨ ᠦᠨᠳᠦᠰᠦᠯᠡᠯ ᠢᠶᠡᠷ ᠬᠤᠭᠤᠴᠠᠭᠠᠨ ᠠᠴᠠ ᠡᠮᠦᠨ᠎ᠡ ᠤᠭᠴᠠᠷᠠᠭᠤᠯᠵᠤ᠂ ᠴᠢᠯᠦᠭᠡᠯᠡᠵᠦ ᠪᠣᠯᠤᠨ᠎ᠠ ᠭᠡᠵᠦ ᠵᠢᠭᠠᠭᠰᠠᠨ ᠪᠠᠶᠢᠳᠠᠭ᠃ ᠮᠥᠨ ︽ᠤᠯᠤᠰ ᠤᠨ ᠶᠡᠬᠡ ᠬᠤᠷᠠᠯ ᠤᠨ ᠲᠤᠬᠠᠢ︾ ᠬᠠᠤᠯᠢ ᠶᠢᠨ 10 ᠳ᠋ᠤᠭᠠᠷ ᠵᠦᠢᠯ ᠦᠨ 10.2 ᠳᠠᠬᠢ ᠬᠡᠰᠡᠭ ᠲᠦ᠄ 1. ᠨᠠᠰᠤ ᠪᠠᠷᠠᠭᠰᠠᠨ᠂ 2. ᠥᠭᠡᠷ᠎ᠡ ᠠᠵᠢᠯ ᠳᠤ ᠰᠢᠯᠵᠢᠬᠦ ᠪᠣᠯᠤᠨ ᠪᠤᠰᠤᠳ ᠰᠢᠯᠲᠠᠭᠠᠨ ᠢᠶᠠᠷ ᠴᠢᠯᠦᠭᠡᠯᠡᠭᠳᠡᠬᠦ  ᠬᠦᠰᠡᠯᠲᠡ ᠪᠡᠨ ᠥᠪᠡᠷ ᠢᠶᠡᠨ ᠭᠠᠷᠭᠠᠭᠰᠠᠨ ᠢ ᠤᠯᠤᠰ ᠤᠨ ᠶᠡᠬᠡ ᠬᠤᠷᠠᠯ ᠬᠦᠯᠢᠶᠡᠨ ᠠᠪᠤᠭᠰᠠᠨ᠂ 3. ᠬᠦᠨᠳᠦ ᠪᠡᠷ ᠡᠪᠡᠳᠴᠢᠯᠡᠭᠰᠡᠨ ᠦ ᠤᠯᠠᠮ ᠠᠴᠠ ᠴᠢᠨᠠᠭᠰᠢᠳᠠ ᠡᠭᠦᠷᠭᠡᠲᠦ ᠠᠵᠢᠯ ᠢᠶᠠᠨ ᠭᠦᠢᠴᠡᠳᠭᠡᠬᠦ ᠪᠣᠯᠤᠮᠵᠢ ᠦᠭᠡᠢ ᠪᠣᠯᠤᠭᠰᠠᠨ ᠲᠤᠬᠠᠢ ᠡᠮᠨᠡᠯᠭᠡ ᠶᠢᠨ ᠳ᠋ᠦᠩᠨᠡᠯᠲᠡ ᠭᠠᠷᠭᠠᠭᠰᠠᠨ ᠢ ᠤᠯᠤᠰ ᠤᠨ ᠶᠡᠬᠡ ᠬᠤᠷᠠᠯ ᠬᠦᠯᠢᠶᠡᠨ ᠠᠪᠤᠭᠰᠠᠨ᠂ 4. ᠦᠨᠳᠦᠰᠦᠨ ᠬᠠᠤᠯᠢ ᠶᠢᠨ ᠰᠡᠴᠡ ᠤᠯᠤᠰ ᠤᠨ ᠶᠡᠬᠡ ᠬᠤᠷᠠᠯ ᠤᠨ ᠳᠠᠷᠤᠭ᠎ᠠ ᠶᠢ  ᠤᠭᠴᠠᠷᠠᠭᠤᠯᠬᠤ ᠦᠨᠳᠦᠰᠦᠯᠡᠯ ᠲᠡᠢ ᠭᠡᠰᠡᠨ ᠢ ᠤᠯᠤᠰ ᠤᠨ ᠶᠡᠬᠡ ᠬᠤᠷᠠᠯ ᠬᠦᠯᠢᠶᠡᠨ ᠠᠪᠤᠭᠰᠠᠨ᠂ 5. ᠭᠡᠮᠲᠦ ᠬᠡᠷᠡᠭ ᠦᠢᠯᠡᠳᠦᠭᠰᠡᠨ ᠪᠣᠯᠬᠤ ᠨᠢ ᠰᠢᠭᠦᠬᠦ ᠶᠢᠨ ᠬᠦᠴᠦᠨ ᠲᠡᠭᠦᠯᠳᠡᠷ ᠰᠢᠢᠳᠬᠦ ᠲᠣᠭᠲᠠᠭᠠᠯ ᠢᠶᠠᠷ ᠪᠠᠲᠤᠯᠠᠭᠳᠠᠭᠰᠠᠨ ᠪᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠶᠢ ᠡᠭᠦᠷᠭᠡᠲᠦ ᠠᠵᠢᠯ ᠠᠴᠠ ᠨᠢ ᠬᠠᠤᠯᠢ ᠶᠢᠨ ᠬᠦᠷᠢᠶᠡᠨ ᠳᠦ ᠤᠭᠴᠠᠷᠠᠭᠤᠯᠵᠤ ᠂ ᠴᠢᠯᠦᠭᠡᠯᠡᠵᠦ ᠪᠣᠯᠤᠨ᠎ᠠ ᠭᠡᠵᠦ ᠵᠢᠭᠠᠭᠰᠠᠨ ᠪᠠᠶᠢᠳᠠᠭ ᠪᠠᠶᠢᠨ᠎ᠠ᠃
ᠡᠨᠡᠬᠦ ᠲᠠᠪᠤᠨ ᠦᠨᠳᠦᠰᠦᠯᠡᠯ ᠡᠴᠡ ᠪᠤᠰᠤᠳ ᠵᠦᠢᠯ ᠢᠶᠡᠷ ᠤᠯᠤᠰ ᠤᠨ ᠶᠡᠬᠡ ᠬᠤᠷᠠᠯ ᠤᠨ ᠳᠠᠷᠤᠭ᠎ᠠ ᠶᠢ ᠤᠭᠴᠠᠷᠠᠭᠤᠯᠬᠤ ᠠᠰᠠᠭᠤᠳᠠᠯ ᠢ ᠶᠠᠷᠢᠬᠤ ᠨᠢ ᠮᠣᠩᠭᠣᠯ ᠤᠯᠤᠰ ᠤᠨ ᠦᠨᠳᠦᠰᠦᠨ ᠬᠠᠤᠯᠢ ᠪᠣᠯᠤᠨ ᠪᠤᠰᠤᠳ ᠬᠠᠤᠯᠢ ᠶᠢ ᠵᠥᠷᠢᠴᠡᠵᠦ ᠪᠠᠶᠢᠭ᠎ᠠ ᠬᠡᠮᠡᠨ ᠲᠠᠶᠢᠯᠪᠤᠷᠢᠯᠠᠯ᠎ᠠ᠃ ᠮᠥᠨ ︽ᠤᠯᠤᠰ ᠤᠨ ᠶᠡᠬᠡ ᠬᠤᠷᠠᠯ ᠤᠨ ᠲᠤᠬᠠᠢ︾ ᠬᠠᠤᠯᠢ ᠶᠢᠨ 7.1.23 ᠍ ᠳᠦ ᠄ ᠭᠡᠰᠢᠭᠦᠨ ᠦ ᠶᠣᠰᠣ ᠵᠦᠢ ᠶᠢ ᠤᠯᠤᠰ ᠤᠨ ᠶᠡᠬᠡ ᠬᠤᠷᠠᠯ ᠦᠨ ᠭᠡᠰᠢᠭᠦᠨ ᠴᠢᠩᠳᠠ ᠪᠠᠷᠢᠮᠲᠠᠯᠠᠨ᠎ᠠ ᠭᠡᠵᠦ ᠵᠢᠭᠠᠭᠰᠠᠨ ᠪᠠᠶᠢᠳᠠᠭ᠃ ᠲᠡᠶᠢᠮᠦ ᠡᠴᠡ ᠤᠯᠤᠰ ᠤᠨ ᠶᠡᠬᠡ ᠬᠤᠷᠠᠯ ᠬᠡᠪ ᠦᠨ ᠦᠢᠯᠡ ᠠᠵᠢᠯᠯᠠᠭ᠎ᠠ ᠶᠠᠪᠤᠭᠤᠯᠬᠤ ᠳᠤ ᠭᠡᠰᠢᠭᠦᠳ ᠲᠢᠭ ᠢᠶᠡᠨ ᠰᠠᠬᠢᠵᠤ᠂ ᠬᠠᠤᠯᠢ ᠳᠤ ᠵᠢᠭᠠᠭᠰᠠᠨ ᠦᠨᠳᠦᠰᠦᠯᠡᠯ ᠢᠶᠡᠷ ᠠᠰᠠᠭᠤᠳᠠᠯ ᠳᠤ ᠬᠠᠨᠳᠤᠬᠤ ᠬᠡᠷᠡᠭᠲᠡᠢ ᠪᠠᠶᠢᠭ᠎ᠠ ᠶᠢ ᠬᠠᠤᠯᠢ ᠶᠢᠨ ᠵᠦᠪᠯᠡᠬᠦ ᠮᠡᠳᠡᠭᠳᠡᠯ᠎ᠡ᠃

ᠰᠡᠳᠬᠢᠭᠳᠡᠯ ᠦᠯᠡᠳᠡᠭᠡᠬᠦ