︽ᠪᠤᠯᠤᠷ ᠴᠤᠮᠤ︾  ᠶᠢᠨ ᠪᠦᠷᠢᠳᠭᠡᠯ ᠡᠬᠢᠯᠡᠯ᠎ᠡ | News.MN

︽ᠪᠤᠯᠤᠷ ᠴᠤᠮᠤ︾  ᠶᠢᠨ ᠪᠦᠷᠢᠳᠭᠡᠯ ᠡᠬᠢᠯᠡᠯ᠎ᠡ

ᠮᠣᠩᠭᠣᠯ ᠤᠨ ᠵᠣᠬᠢᠶᠠᠯᠴᠢᠳ ᠤᠨ ᠡᠪᠯᠡᠯ᠍ ᠡᠴᠡ ᠵᠢᠯ ᠪᠦᠷᠢ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠵᠤ᠂ ᠣᠨ ᠤ ᠰᠢᠯᠢᠳᠡᠭ ᠢᠷᠠᠭᠤ ᠨᠠᠶᠢᠷᠠᠭ᠂ ᠰᠢᠯᠦᠭᠴᠢ ᠶᠢ ᠲᠣᠳᠣᠷᠠᠭᠤᠯᠳᠠᠭ ︽ᠪᠣᠯᠣᠷ ᠴᠣᠮᠣ︾ ᠨᠠᠭᠠᠳᠤᠮ ᠤᠨ ᠪᠦᠷᠢᠳᠬᠡᠯ ᠡᠬᠢᠯᠡᠯ᠎ᠡ᠃ 36 ᠳ᠋ᠡᠬᠢ ᠤᠳᠠᠭ᠎ᠠ ᠪᠠᠨ ᠵᠣᠬᠢᠶᠠᠨ ᠪᠠᠶᠢᠭᠤᠯᠤᠭᠳᠠᠵᠤ ᠪᠤᠢ ᠡᠯ᠎ᠡ ᠨᠠᠭᠠᠳᠤᠮ ᠳᠤ ᠤᠷᠤᠯᠳᠤᠬᠤ ᠰᠢᠯᠦᠭ ᠢ ᠥᠨᠥᠳᠥᠷ ᠡᠴᠡ ᠡᠬᠢᠯᠡᠨ ᠡᠨᠡ ᠰᠠᠷ᠎ᠠ ᠶᠢᠨ 25 ᠢ ᠬᠦᠷᠲᠡᠯᠡᠬᠢ ᠬᠤᠭᠤᠴᠠᠭᠠᠨ ᠳᠤ  ᠮᠤᠩᠭᠤᠯ ᠤᠨ ᠵᠤᠬᠢᠶᠠᠯᠴᠢᠳ ᠤᠨ ᠡᠪᠯᠡᠯ ᠦᠨ 206 ᠲᠣᠭᠠᠲᠤ ᠥᠷᠥᠭᠡᠨ ᠳᠦ ᠬᠦᠯᠢᠶᠡᠨ ᠠᠪᠬᠤ ᠶᠤᠮ ᠪᠠᠶᠢᠨ᠎ᠠ᠃ ᠪᠦᠷᠢᠳᠬᠡᠯ ᠦᠨ ᠬᠤᠷᠢᠶᠠᠮᠵᠢ ᠳᠥᠷᠪᠡᠨ ᠮᠢᠩᠭᠠᠨ ᠲᠥᠭᠥᠷᠢᠭ ᠪᠥᠭᠡᠳ  ᠢᠮᠸᠯ  ᠪᠣᠯᠤᠨ ᠹᠠᠺᠰ ᠢᠶᠠᠷ ᠪᠦᠲᠦᠭᠡᠯ ᠠᠪᠬᠤ ᠦᠭᠡᠢ ᠬᠡᠮᠡᠨ ᠠᠩᠬᠠᠷᠤᠭᠤᠯᠵᠠᠢ᠃ ᠨᠠᠭᠠᠳᠤᠮ ᠳᠤ ᠤᠷᠤᠯᠴᠠᠬᠤ ᠨᠠᠶᠢᠷᠠᠭᠴᠢᠳ ᠵᠥᠪᠬᠡᠨ ᠡᠨᠡ ᠣᠨ ᠳᠤ ᠪᠢᠴᠢᠭᠰᠡᠨ ᠬᠣᠶᠠᠷ ᠰᠢᠯᠦᠭ ᠢᠶᠡᠨ ᠪᠥᠷᠢᠳᠬᠡᠭᠦᠯᠬᠦ ᠠᠵᠠᠢ ᠃ ᠡᠭᠡᠰᠢᠭᠯᠡᠩᠲᠦ ᠡᠬᠡ ᠶᠢᠨ ᠬᠡᠰᠢᠭᠲᠦ ᠢᠷᠠᠭᠤ ᠨᠠᠶᠢᠷᠠᠭᠴᠢ ᠶᠢ ᠲᠣᠳᠣᠷᠠᠭᠤᠯᠬᠤ ︽ᠪᠣᠯᠣᠷ ᠴᠣᠮᠣ-36︾ ᠨᠠᠭᠠᠳᠤᠮ ᠤᠨ ᠲᠣᠪ ᠬᠠᠷᠠᠬᠠᠨ ᠭᠠᠷᠤᠭ᠎ᠠ ᠦᠭᠡᠢ ᠪᠥᠭᠡᠳ ᠳᠣᠷᠣᠨᠠᠭᠣᠪᠢ ᠠᠶᠢᠮᠠᠭ ᠲᠤ ᠵᠣᠬᠢᠶᠠᠨ ᠪᠠᠶᠢᠭᠤᠯᠬᠤ ᠪᠠᠷ ᠲᠥᠯᠥᠪᠯᠡᠵᠡᠢ᠃

ᠰᠡᠳᠬᠢᠭᠳᠡᠯ ᠦᠯᠡᠳᠡᠭᠡᠬᠦ