ᠴᠢᠯᠦᠭᠡᠲᠦ ᠪᠥᠬᠡ ᠶᠢᠨ ᠡᠷᠡᠭᠲᠡᠶᠢᠴᠦᠳ ᠦᠨ ︽ᠠᠯᠠᠨ︾ ᠣ ᠣᠯᠠᠨ ᠤᠯᠤᠰ ᠤᠨ ᠲᠡᠮᠡᠴᠡᠭᠡᠨ ᠠᠷᠪᠠᠨ ᠬᠣᠶᠠᠳᠤᠭᠠᠷ ᠰᠠᠷ᠎ᠠ ᠶᠢᠨ 8-9 ᠍ ᠳᠦ ᠣᠷᠣᠰ ᠤᠨ ᠬᠣᠶᠢᠳ ᠣᠰᠧᠲ ᠤᠨ ᠨᠡᠶᠢᠰᠯᠡᠯ ᠳᠤ ᠪᠣᠯᠤᠨ᠎ᠠ᠃ ᠺᠠᠤᠺᠠᠽ ᠤᠨ ᠳᠡᠪᠵᠢᠶᠡᠨ ᠳᠦ ᠮᠠᠨ ᠤ ᠤᠯᠤᠰ ᠠᠴᠠ ᠳᠣᠯᠣᠭᠠᠨ ᠲᠠᠮᠢᠷᠴᠢᠨ ᠤᠷᠤᠯᠴᠠᠬᠤ ᠪᠥᠭᠡᠳ 57 ᠺᠢᠯᠦᠭᠷᠡᠮ ᠤᠨ ᠵᠢᠩ ᠳᠦ ᠭᠠᠪᠢᠶᠠᠲᠤ ᠲᠠᠮᠢᠷᠴᠢᠨ ᠡ᠊∙ᠪᠡᠬᠢᠪᠠᠶᠠᠷ᠂ ᠨ∙ᠨᠠᠰᠤᠨᠪᠤᠶᠠᠨ᠂ 61 ᠺᠢᠯᠦᠭᠷᠡᠮ ᠳᠦ ᠪ∙ᠪᠠᠰᠠᠩᠵᠢᠷᠭᠠᠯ᠂ 65 ᠺᠢᠯᠦᠭᠷᠡᠮ ᠳᠦ ᠪ∙ᠨᠠᠷᠠᠨᠪᠤᠯᠤᠳ᠂ 74 ᠺᠢᠯᠦᠭᠷᠡᠮ ᠳᠦ ᠪ ∙ ᠪᠠᠲᠤ-ᠡᠷᠳᠡᠨᠢ᠂ 86 ᠺᠢᠯᠦᠭᠷᠡᠮ ᠳᠦ ᠭ∙ᠭᠠᠩᠬᠤᠶᠠᠭ᠂ 125 ᠺᠢᠯᠦᠭᠷᠡᠮ ᠳᠦ ᠮ∙ᠯᠾᠬᠠᠪᠠᠭᠡᠷᠡᠯ ᠨᠠᠷ ᠬᠦᠴᠦ ᠦᠵᠡᠬᠦ ᠶᠤᠮ᠃ ᠱᠠᠩᠨᠠᠯ ᠤᠨ ᠰᠠᠩ ᠥᠨᠳᠥᠷ ᠲᠡᠢ ᠲᠤᠰ ᠲᠡᠮᠡᠴᠡᠭᠡᠨ ᠳᠦ ᠣᠯᠢᠮᠫ᠂ ᠳᠡᠯᠡᠬᠡᠢ ᠶᠢᠨ ᠠᠪᠤᠷᠭᠤ ᠪᠤᠯᠤᠭᠰᠠᠨ ᠣᠯᠠᠨ ᠰᠢᠯᠢᠳᠡᠭ ᠪᠦᠬᠡᠴᠢᠳ ᠵᠣᠳᠣᠭᠯᠠᠬᠤ ᠪᠠᠷ ᠪᠣᠯᠵᠠᠢ᠃