ᠨᠡᠭᠦᠷᠡᠰᠦ ᠲᠡᠭᠡᠭᠡᠪᠦᠷᠢᠯᠡᠯᠲᠡ ᠬᠡᠪ ᠦᠨ ᠪᠣᠯᠤᠨ᠎ᠠ | News.MN

ᠨᠡᠭᠦᠷᠡᠰᠦ ᠲᠡᠭᠡᠭᠡᠪᠦᠷᠢᠯᠡᠯᠲᠡ ᠬᠡᠪ ᠦᠨ ᠪᠣᠯᠤᠨ᠎ᠠ

ᠮᠣᠩᠭᠣᠯ ᠤᠯᠤᠰ ᠤᠨ ᠰᠠᠶᠢᠳ᠂ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠭ∙ᠽᠠᠨᠳᠠᠨᠰᠢᠲᠠᠷ᠎ᠠ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠡᠯᠴᠢᠨ ᠰᠠᠶᠢᠳ ᠤᠨ ᠶᠠᠮᠤᠨ ᠤ ᠬᠡᠷᠡᠭ ᠢ  ᠲᠦᠷ ᠬᠠᠮᠢᠶᠠᠷᠤᠭᠴᠢ ᠶᠠᠩ ᠴᠢᠩ ᠳ᠋ᠦᠩ᠂ ᠤᠯᠤᠰ ᠲᠦᠷᠦ ᠶᠢᠨ ᠵᠥᠪᠯᠡᠬᠦ ᠯᠢ ᠶᠠᠨ ᠵᠦᠩ ᠨᠠᠷ ᠢ ᠬᠦᠯᠢᠶᠡᠨ ᠠᠪᠴᠤ ᠠᠭᠤᠯᠵᠠᠨ ᠲᠠᠪᠤᠨᠲᠣᠯᠣᠭᠠᠢ᠂ ᠭᠠᠰᠢᠭᠤᠨᠰᠤᠬᠠᠶᠢᠲᠤ᠂ ᠭᠠᠭᠴᠠᠮᠤᠳᠤ ᠶᠢᠨ  ᠪᠣᠭᠣᠮᠲᠠ ᠴᠢᠭᠯᠡᠯ ᠳᠦ ᠨᠡᠭᠦᠷᠡᠰᠦ ᠲᠡᠭᠡᠭᠡᠪᠦᠷᠢ ᠶᠢᠨ ᠲᠡᠷᠭᠡᠨ ᠦ ᠤᠷᠲᠤ ᠳᠠᠷᠠᠭᠠᠯᠠᠯ ᠡᠭᠦᠰᠦᠭᠡᠳ ᠪᠠᠶᠢᠭ᠎ᠠ ᠶᠠᠪᠤᠳᠠᠯ ᠳᠤ ᠡᠯᠴᠢᠨ ᠰᠠᠶᠢᠳ ᠤᠨ ᠶᠠᠮᠤ  ᠠᠩᠬᠠᠷᠤᠯ ᠢᠶᠠᠨ ᠬᠠᠨᠳᠤᠭᠤᠯᠵᠤ᠂ ᠨᠡᠭᠦᠷᠡᠰᠦ ᠲᠡᠭᠡᠭᠡᠪᠦᠷᠢ ᠶᠢᠨ ᠮᠠᠰᠢᠨ ᠤ ᠬᠢᠯᠢ ᠨᠡᠪᠲᠡᠷᠡᠬᠦ ᠲᠣᠭ᠎ᠠ ᠶᠢ ᠨᠡᠮᠡᠭᠳᠡᠭᠦᠯᠬᠦ ᠶᠢ ᠬᠦᠰᠡᠯ᠎ᠡ᠃ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠵᠠᠰᠠᠭ ᠤᠨ ᠭᠠᠵᠠᠷ ᠬᠢᠯᠢ ᠶᠢᠨ ᠪᠣᠭᠣᠮᠲᠠ ᠨᠤᠭᠤᠳ ᠲᠠᠭᠠᠨ ᠲᠧᠭᠨᠢᠭ ᠲᠧᠭᠨᠣᠯᠣᠭᠢ ᠶᠢᠨ ᠨᠢᠭᠡᠳᠦᠭᠰᠡᠨ ᠰᠢᠨᠡᠴᠢᠯᠡᠯᠲᠡ ᠬᠢᠵᠦ᠂ ᠤᠬᠠᠭᠠᠯᠢᠭ ᠰᠢᠰᠲ᠋ᠧᠮ ᠳᠦ ᠰᠢᠯᠵᠢᠵᠦ ᠪᠠᠶᠢᠭ᠎ᠠ ᠨᠢ ᠭᠠᠭᠴᠠᠮᠤᠳᠤ ᠪᠣᠭᠣᠮᠲᠠ ᠶᠢᠨ ᠦᠢᠯᠡ ᠠᠵᠢᠯᠯᠠᠭ᠎ᠠ ᠶᠢ ᠤᠳᠠᠭᠠᠰᠢᠷᠠᠭᠤᠯᠤᠭᠰᠠᠨ ᠪᠠᠶᠢᠨ᠎ᠠ᠃ ᠪᠣᠭᠣᠮᠲᠠ  ᠶᠢᠨ ᠲᠧᠭᠨᠣᠯᠣᠭᠢ ᠶᠢᠨ ᠰᠢᠨᠡᠴᠢᠯᠡᠯᠲᠡ ᠳᠠᠭᠤᠰᠴᠦ ᠪᠤᠢ ᠪᠥᠭᠡᠳ ᠡᠨᠡ ᠳᠣᠯᠣᠭ᠎ᠠ ᠬᠣᠨᠣᠭ ᠠᠴᠠ ᠨᠡᠭᠦᠷᠡᠰᠦ ᠲᠡᠭᠡᠭᠡᠪᠦᠷᠢ ᠶᠢᠨ  ᠮᠠᠰᠢᠨ ᠨᠤᠭᠤᠳ ᠢ ᠬᠢᠯᠢ ᠪᠡᠷ ᠨᠡᠪᠲᠡᠷᠡᠭᠦᠯᠬᠦ ᠠᠵᠢᠯ ᠬᠡᠪ ᠦᠨ ᠭᠣᠷᠢᠮ ᠳᠤ ᠰᠢᠯᠵᠢᠨ᠎ᠡ ᠭᠡᠳ ᠡᠨᠡᠬᠦ ᠲᠦᠷ ᠵᠠᠭᠤᠷ᠎ᠠ ᠶᠢᠨ ᠰᠠᠲᠤᠯ ᠨᠢ ᠬᠢᠲᠠᠳ ᠮᠣᠩᠭᠣᠯ ᠤᠨ ᠬᠤᠳᠠᠯᠳᠤᠭ᠎ᠠ ᠡᠳ᠋ ᠍ ᠦᠨ ᠵᠠᠰᠠᠭ ᠤᠨ ᠬᠠᠷᠢᠯᠴᠠᠭᠠᠨ ᠳᠤ ᠰᠥᠷᠭᠦ ᠨᠥᠯᠥᠭᠡ ᠦᠵᠡᠭᠦᠯᠬᠦ ᠦᠭᠡᠢ ᠭᠡᠳᠡᠭ ᠲᠦ ᠢᠲᠡᠭᠡᠵᠦ ᠪᠠᠶᠢᠨ᠎ᠠ ᠭᠡᠵᠦ ᠨᠣᠶᠠᠨ ᠶᠠᠩ  ᠴᠢᠩ ᠳ᠋ᠦᠩ ᠬᠡᠯᠡᠪᠡ ᠭᠡᠵᠦ ᠵᠠᠰᠠᠭ ᠤᠨ ᠭᠠᠵᠠᠷ ᠤᠨ ᠬᠡᠪᠯᠡᠯ᠂ ᠮᠡᠳᠡᠭᠡᠯᠡᠯ ᠣᠯᠠᠨ ᠨᠡᠶᠢᠲᠡ ᠲᠡᠢ ᠬᠠᠷᠢᠯᠴᠠᠬᠤ ᠬᠡᠯᠲᠡᠰ ᠡᠴᠡ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ