ᠱ∙ᠡᠩᠬᠡᠲ᠋ᠦ᠋ᠷᠤ᠄ ᠬᠠᠷᠢᠭᠤᠴᠠᠯᠭ᠎ᠠ ᠬᠦᠯᠢᠶᠡᠵᠦ᠂ ᠠᠵᠢᠯ ᠢᠶᠠᠨ ᠥᠭᠭᠦᠨ᠎ᠡ | News.MN

ᠱ∙ᠡᠩᠬᠡᠲ᠋ᠦ᠋ᠷᠤ᠄ ᠬᠠᠷᠢᠭᠤᠴᠠᠯᠭ᠎ᠠ ᠬᠦᠯᠢᠶᠡᠵᠦ᠂ ᠠᠵᠢᠯ ᠢᠶᠠᠨ ᠥᠭᠭᠦᠨ᠎ᠡ

ᠡᠬᠡ ᠬᠡᠦᠬᠡᠳ ᠦᠨ ᠡᠷᠡᠭᠦᠯ ᠮᠡᠨᠳᠦ ᠶᠢᠨ ᠦᠨᠳᠦᠰᠦᠨ ᠦ ᠲᠥᠪ ᠦᠨ ᠭᠠᠳᠠᠭ᠎ᠠ 26 ᠨᠠᠰᠤᠲᠠᠢ ᠡᠮᠡᠭᠲᠡᠢ ᠲᠦᠷᠦᠭᠰᠡᠨ ᠲᠤᠬᠠᠢ ᠳᠤᠤᠯᠢᠶᠠᠨ ᠳᠤ ᠲᠤᠰ ᠲᠥᠪ ᠦᠨ ᠵᠠᠬᠢᠷᠤᠯ ᠱ ∙ᠡᠩᠬᠡᠲ᠋ᠦ᠋ᠷᠤ ᠲᠠᠶᠢᠯᠪᠤᠷᠢ ᠬᠢᠯ᠎ᠡ᠃
ᠲᠡᠷᠡ ᠪᠡᠷ᠄ ᠶᠠᠭᠤᠨ ᠤ ᠡᠮᠦᠨ᠎ᠡ ᠲᠠᠭ᠎ᠠ ᠦᠭᠡᠢ ᠦᠢᠯᠡ ᠶᠠᠪᠤᠳᠠᠯ ᠲᠣᠬᠢᠶᠠᠯᠳᠤᠭᠰᠠᠨ ᠳᠤ ᠬᠠᠷᠠᠮᠰᠠᠵᠤ ᠪᠠᠶᠢᠨ᠎ᠠ᠃ ᠪᠣᠯᠤᠭᠰᠠᠨ ᠦᠢᠯᠡ ᠶᠠᠪᠤᠳᠠᠯ ᠢ ᠲᠠ ᠪᠦᠬᠦᠨ ᠮᠡᠳᠡᠵᠦ ᠪᠠᠶᠢᠭ᠎ᠠ᠃ ᠪᠢᠳᠡ ᠥᠪᠡᠷᠰᠡᠳ ᠢ ᠪᠡᠨ  ᠵᠦᠪᠲᠦᠭᠡᠬᠦ ᠦᠭᠡᠢ᠃  ᠪᠢ ᠶᠣᠰᠣ ᠵᠦᠢ ᠶᠢᠨ ᠬᠤᠪᠢ ᠳᠤ ᠬᠠᠷᠢᠭᠤᠴᠠᠯᠭ᠎ᠠ ᠬᠦᠯᠢᠶᠡᠵᠦ᠂ ᠠᠵᠢᠯ ᠢᠶᠠᠨ ᠥᠭᠭᠦᠨ᠎ᠡ᠃ ᠡᠮᠨᠡᠯᠭᠡ ᠶᠢᠨ ᠲᠤᠰᠠᠯᠠᠮᠵᠢ ᠦᠢᠯᠡᠴᠢᠯᠡᠭᠡᠨ ᠳᠦ ᠪᠠᠶᠢᠩᠭᠤ ᠶᠢᠨ ᠳᠣᠲᠣᠭᠠᠳᠤ ᠬᠢᠨᠠᠯᠲᠠ ᠲᠠᠯᠪᠢᠵᠤ ᠪᠠᠶᠢᠳᠠᠭ᠃ ᠡᠷᠡᠭᠦᠯ ᠮᠡᠨᠳᠦ ᠶᠢᠨ ᠶᠠᠮᠤᠨ ᠪᠣᠯᠤᠨ ᠬᠢᠨᠠᠯᠲᠠ ᠶᠢᠨ ᠬᠣᠷᠢᠶᠠᠨ ᠤ ᠬᠢᠨ ᠲᠤᠬᠠᠢ ᠶᠢᠨ ᠦᠶ᠎ᠡ ᠳᠦ ᠠᠵᠢᠯᠯᠠᠵᠤ ᠪᠠᠶᠢᠭᠰᠠᠨ ᠡᠮᠴᠢ᠂ ᠮᠡᠷᠭᠡᠵᠢᠯᠲᠡᠨ ᠨᠦᠭᠦᠳ ᠲᠡᠢ ᠠᠭᠤᠯᠵᠠᠭᠠᠳ ᠰᠠᠶ᠋ᠢ ᠢᠷᠡᠯ᠎ᠡ᠃
ᠨᠢᠷᠠᠶᠢᠯᠠᠭᠰᠠᠨ ᠡᠬᠡ ᠪᠣᠯ ᠥᠪᠡᠷ ᠦᠨ ᠢᠶᠡᠨ ᠲᠤᠬᠠᠢ ᠳᠡᠯᠭᠡᠷᠡᠩᠭᠦᠢ ᠮᠡᠳᠡᠭᠡᠯᠡᠯ ᠥᠭᠬᠦ ᠶᠢ ᠬᠦᠰᠡᠬᠦ ᠦᠭᠡᠢ ᠪᠠᠶᠢᠭ᠎ᠠ᠃ 26 ᠨᠠᠰᠤᠲᠠᠢ᠂ ᠠᠩᠬᠠᠨ ᠤ ᠲᠦᠷᠦᠯᠲᠡ᠃ ᠡᠮᠡᠭᠲᠡᠢ ᠶᠢᠨ ᠲᠥᠷᠥᠬᠦ ᠦᠢᠯᠡ ᠶᠠᠪᠤᠴᠠ ᠡᠳᠦᠷ ᠡᠴᠡ ᠡᠬᠢᠯᠡᠭᠰᠡᠨ ᠶᠤᠮ  ᠰᠢᠭ᠋ ᠪᠠᠶᠢᠭ᠎ᠠ ᠶᠤᠮ᠃ ᠡᠬᠡ ᠬᠡᠦᠬᠡᠳ ᠦᠨ ᠡᠷᠡᠭᠦᠯ ᠮᠡᠨᠳᠦ ᠶᠢᠨ ᠦᠨᠳᠦᠰᠦᠨ ᠦ ᠲᠥᠪ ᠲᠦ ᠣᠴᠢᠪᠠᠯ ᠥᠪᠡᠷ ᠢ ᠨᠢ ᠬᠦᠯᠢᠶᠡᠵᠦ ᠠᠪᠬᠤ ᠪᠠᠶᠢᠬᠤ ᠭᠡᠵᠦ ᠪᠣᠳᠣᠭᠠᠳ ᠲᠠᠺᠰᠢ ᠬᠥᠯᠦᠰᠦᠯᠡᠵᠦ ᠣᠴᠢᠭᠰᠠᠨ ᠪᠠᠶᠢᠭ᠎ᠠ ᠶᠤᠮ᠃ ᠮᠠᠨ ᠤ ᠡᠮᠨᠡᠯᠭᠡ ᠲᠥᠷᠥᠬᠦ ᠡᠬᠡᠴᠦᠳ ᠪᠣᠯᠤᠨ ᠬᠡᠦᠬᠡᠳ ᠢ ᠬᠦᠯᠢᠶᠡᠵᠦ ᠠᠪᠳᠠᠭ ᠬᠣᠶᠠᠷ ᠶᠠᠭᠠᠷᠠᠯᠲᠠᠢ ᠬᠦᠯᠢᠶᠡᠨ ᠠᠪᠬᠤ ᠭᠠᠵᠠᠷ ᠲᠠᠢ᠃ ᠲᠤᠬᠠᠢ ᠶᠢᠨ ᠡᠬᠡ ᠲᠠᠺᠰᠢᠨ ᠤ ᠵᠢᠯᠣᠭᠣᠴᠢ ᠲᠠᠢ ᠬᠠᠮᠲᠤ ᠬᠡᠦᠬᠡᠳ ᠦᠨ ᠬᠦᠯᠢᠶᠡᠨ ᠠᠪᠬᠤ ᠳᠤ ᠣᠷᠣᠵᠤ ᠢᠷᠡᠭᠡᠳ ᠲᠥᠷᠥᠬᠦ ᠶᠢᠨ ᠬᠦᠯᠢᠶᠡᠨ ᠠᠪᠬᠤ ᠬᠠᠮᠢᠭ᠎ᠠ ᠪᠠᠶᠢᠳᠠᠭ ᠢ ᠠᠰᠠᠭᠤᠭᠰᠠᠨ᠃ ᠢᠩᠭᠢᠭᠡᠳ ᠭᠠᠷᠤᠭᠠᠳ ᠶᠠᠪᠤᠬᠤ ᠵᠠᠮ ᠳᠤ ᠪᠠᠨ ᠲᠦᠷᠦᠯᠲᠡ ᠶᠠᠪᠤᠭᠳᠠᠵᠤ᠂ ᠡᠷᠭᠢᠭᠡᠳ ᠣᠶᠢᠷᠠᠬᠠᠨ ᠪᠠᠶᠢᠭᠰᠠᠨ ᠬᠡᠦᠬᠡᠳ ᠦᠨ ᠬᠦᠯᠢᠶᠡᠨ ᠠᠪᠬᠤ ᠳᠤ ᠣᠷᠣᠵᠤ ᠶᠠᠭᠠᠷᠠᠯᠲᠠᠢ ᠲᠤᠰᠠᠯᠠᠮᠵᠢ ᠠᠪᠤᠭᠰᠠᠨ᠃
ᠲᠤᠬᠠᠢ ᠶᠢᠨ ᠬᠦᠮᠦᠨ ᠦ ᠡᠷᠡᠭᠦᠯ ᠮᠡᠨᠳᠦ ᠶᠢᠨ ᠨᠢᠭᠤᠴᠠ ᠤᠴᠢᠷ ᠠᠴᠠ ᠵᠠᠷᠢᠮ ᠮᠡᠳᠡᠭᠡᠯᠡᠯ ᠢ ᠥᠭᠬᠦ ᠪᠣᠯᠤᠮᠵᠢ ᠦᠭᠡᠢ ᠪᠠᠶᠢᠨ᠎ᠠ᠃ ᠶᠡᠷᠦᠩᠬᠡᠢ ᠳᠦ ᠪᠡᠨ ᠡᠬᠡ ᠬᠡᠦᠬᠡᠳ ᠦᠨ ᠪᠡᠶ᠎ᠡ ᠶᠢᠨ ᠪᠠᠶᠢᠳᠠᠯ ᠲᠣᠭᠲᠠᠪᠤᠷᠢᠲᠠᠢ ᠪᠠᠶᠢᠭ᠎ᠠ᠃ ᠲᠡᠨᠳᠡ ᠠᠵᠢᠯᠯᠠᠵᠤ ᠪᠠᠶᠢᠭᠰᠠᠨ ᠡᠮᠴᠢ᠂ ᠰᠤᠪᠢᠯᠠᠭᠴᠢ ᠨᠠᠷ ᠤᠨ ᠬᠡᠯᠡᠵᠦ ᠪᠤᠢ ᠪᠠᠷ ᠵᠢᠯᠣᠭᠣᠴᠢ ᠣᠷᠣᠵᠤ ᠢᠷᠡᠵᠦ ᠲᠥᠷᠥᠬᠦ ᠶᠢᠨ ᠬᠦᠯᠢᠶᠡᠨ ᠠᠪᠬᠤ ᠶᠢ ᠠᠰᠠᠭᠤᠭᠰᠠᠨ ᠂ ᠡᠮᠨᠡᠯᠭᠡ ᠶᠢᠨ ᠠᠵᠢᠯᠲᠠᠨ ᠨᠤᠭᠤᠳ ᠲᠤ ᠡᠪᠡᠳᠦᠭᠰᠡᠨ ᠡᠬᠡ ᠬᠠᠷᠠᠭᠳᠠᠭ᠎ᠠ ᠦᠭᠡᠢ ᠪᠠᠶᠢᠬᠤ᠃ ᠲᠡᠷᠡᠨ ᠡᠴᠡ ᠪᠢᠰᠢ ᠡᠪᠡᠳᠦᠭᠰᠡᠨ ᠡᠬᠡ ᠤᠰᠤ ᠨᠢ ᠭᠠᠷᠤᠭᠰᠠᠨ ᠲᠣᠬᠢᠶᠠᠯᠳᠤᠯ ᠳᠤ ᠪᠤᠴᠠᠭᠠᠬᠤ ᠦᠨᠳᠦᠰᠦᠯᠡᠯ ᠪᠠᠶᠢᠬᠤ ᠦᠭᠡᠢ ᠭᠡᠯ᠎ᠡ᠃

ᠰᠡᠳᠬᠢᠭᠳᠡᠯ ᠦᠯᠡᠳᠡᠭᠡᠬᠦ