ᠶᠡᠷᠦᠩᠬᠡᠢ ᠰᠠᠶᠢᠳ ᠤ᠊∙ ᠬᠦᠷᠡᠯᠰᠦ᠋ᠬᠡ ᠨᠡᠶᠢᠰᠯᠡᠯ ᠦᠨ ᠢᠷᠭᠡᠳ ᠦᠨ ᠲᠥᠯᠥᠭᠡᠯᠡᠭᠴᠢᠳ ᠦᠨ ᠬᠤᠷᠠᠯ ᠳᠦ ᠨᠡᠶᠢᠰᠯᠡᠯ ᠦᠨ ᠵᠠᠰᠠᠭ ᠳᠠᠷᠤᠭ᠎ᠠ ᠶᠢ ᠤᠭᠴᠠᠷᠠᠭᠤᠯᠬᠤ ᠰᠠᠨᠠᠯ ᠢᠷᠡᠭᠦᠯᠦᠭᠰᠡᠨ ᠦ ᠳᠠᠭᠠᠤ ᠡᠭᠡᠯᠵᠢᠲᠦ ᠪᠤᠰᠤ ᠲᠠᠪᠤᠳᠤᠭᠠᠷ ᠬᠤᠷᠠᠯᠳᠤᠭᠠᠨ ᠢ ᠥᠩᠭᠡᠷᠡᠭᠰᠡᠨ ᠰᠠᠷ᠎ᠠ ᠶᠢᠨ 27 ᠤ ᠡᠳᠦᠷ ᠬᠤᠷᠠᠯᠳᠤᠭᠤᠯᠤᠭᠰᠠᠨ᠃ ᠲᠤᠰ ᠬᠤᠷᠠᠯᠳᠤᠭᠠᠨ ᠠᠴᠠ ᠨᠡᠶᠢᠰᠯᠡᠯ ᠦᠨ ᠢᠷᠭᠡᠳ ᠦᠨ ᠲᠥᠯᠥᠭᠡᠯᠡᠭᠴᠢᠳ ᠦᠨ ᠬᠤᠷᠠᠯ ᠳ᠋ᠡᠬᠢ ᠠᠷᠠᠳᠴᠢᠯᠠᠭᠰᠠᠨ ᠨᠠᠮ ᠤᠨ ᠪᠦᠯᠦᠭ ᠵᠠᠪᠰᠠᠷᠯᠠᠭ᠎ᠠ ᠠᠪᠤᠭᠰᠠᠨ ᠢᠶᠠᠷ ᠠᠷᠪᠠᠨ ᠬᠣᠶᠠᠳᠤᠭᠠᠷ ᠰᠠᠷ᠎ᠠ ᠶᠢᠨ 4 ᠬᠦᠷᠲᠡᠯ᠎ᠡ ᠬᠣᠶᠢᠰᠢᠯᠠᠭᠤᠯᠤᠭᠠᠳ ᠪᠠᠶᠢᠭᠰᠠᠨ ᠪᠢᠯᠡ᠃ ᠶᠡᠷᠦᠩᠬᠡᠢ ᠰᠠᠶᠢᠳ ᠤ᠊∙ᠬᠦᠷᠡᠯᠰᠦ᠋ᠬᠡ ︽ᠮᠣᠩᠭᠣᠯ ᠤᠯᠤᠰ ᠤᠨ ᠵᠠᠰᠠᠭ ᠵᠠᠬᠢᠷᠭ᠎ᠠ᠂ ᠨᠤᠲᠤᠭ ᠳᠡᠪᠢᠰᠬᠡᠷ ᠦᠨ ᠨᠢᠭᠡᠴᠡ᠂ ᠲᠡᠭᠦᠨ ᠦ ᠤᠳᠤᠷᠢᠳᠤᠯᠭ᠎ᠠ ᠶᠢᠨ ᠲᠤᠬᠠᠢ︾ ᠬᠠᠤᠯᠢ ᠶᠢᠨ 32.4 ᠳ᠋ᠡᠬᠢ ᠬᠡᠰᠡᠭ ᠲᠦ ᠵᠢᠭᠠᠭᠰᠠᠨ ᠤ ᠳᠠᠭᠠᠤ ᠨᠡᠶᠢᠰᠯᠡᠯ ᠦᠨ ᠵᠠᠰᠠᠭ ᠳᠠᠷᠤᠭ᠎ᠠ ᠶᠢ ᠤᠭᠴᠠᠷᠠᠭᠤᠯᠬᠤ ᠰᠠᠨᠠᠯ ᠢᠶᠠᠨ ᠡᠷᠭᠢᠭᠦᠯᠦᠨ ᠲᠠᠲᠠᠭᠰᠠᠨ ᠲᠤᠬᠠᠢ ᠠᠯᠪᠠᠨ ᠪᠢᠴᠢᠭ ᠢᠶᠡᠨ ᠢᠷᠡᠭᠦᠯᠵᠡᠢ ᠃ ᠡᠶᠢᠨ ᠰᠢᠨ᠎ᠡ ᠨᠥᠬᠥᠴᠡᠯ ᠪᠠᠶᠢᠳᠠᠯ ᠡᠭᠦᠰᠦᠭᠰᠡᠨ ᠲᠤᠯᠠ ᠨᠡᠶᠢᠰᠯᠡᠯ ᠦᠨ ᠢᠷᠭᠡᠳ ᠦᠨ ᠲᠥᠯᠥᠭᠡᠯᠡᠭᠴᠢᠳ ᠦᠨ ᠬᠤᠷᠠᠯ ᠬᠠᠤᠯᠢ ᠶᠢᠨ ᠬᠦᠷᠢᠶᠡᠨ ᠳᠦ ᠳᠡᠭᠡᠷᠡᠬᠢ ᠠᠰᠠᠭᠤᠳᠠᠯ ᠢ ᠬᠡᠯᠡᠯᠴᠡᠬᠦ ᠪᠣᠯᠤᠮᠵᠢ ᠦᠭᠡᠢ ᠪᠣᠯᠵᠤ ᠪᠤᠢ ᠶᠤᠮ᠃ ᠲᠡᠶᠢᠮᠦ ᠡᠴᠡ ᠡᠭᠡᠯᠵᠢᠲᠦ ᠪᠤᠰᠤ ᠲᠠᠪᠤᠳᠤᠭᠠᠷ ᠬᠤᠷᠠᠯᠳᠤᠭᠠᠨ ᠢ ᠬᠠᠭᠠᠯ᠎ᠠ ᠭᠡᠵᠦ ᠨᠡᠶᠢᠰᠯᠡᠯ ᠦᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠬᠡᠪᠯᠡᠯ ᠮᠡᠳᠡᠭᠡᠯᠡᠯ᠂ ᠣᠯᠠᠨ ᠨᠡᠶᠢᠲᠡ ᠲᠡᠢ ᠬᠠᠷᠢᠯᠴᠠᠬᠤ ᠬᠡᠯᠲᠡᠰ ᠡᠴᠡ ᠮᠡᠳᠡᠭᠡᠯᠡᠪᠡ᠃