ᠲᠡᠦᠬᠡ ᠶᠢᠨ ᠬᠢᠴᠢᠶᠡᠯ ᠢ ᠮᠦᠽᠧᠢ ᠳᠦ ᠵᠢᠭᠠᠵᠠᠢ | News.MN

ᠲᠡᠦᠬᠡ ᠶᠢᠨ ᠬᠢᠴᠢᠶᠡᠯ ᠢ ᠮᠦᠽᠧᠢ ᠳᠦ ᠵᠢᠭᠠᠵᠠᠢ

ᠵᠠᠪᠬᠠᠨ ᠤ ᠣᠷᠣᠨ ᠨᠤᠲᠤᠭ ᠰᠤᠳᠤᠯᠬᠤ ᠮᠦᠽᠧᠢ ᠡᠴᠡ ᠡᠨᠡ ᠵᠢᠯ ᠤᠯᠢᠶᠠᠰᠤᠲᠠᠢ ᠰᠤᠮᠤ ᠶᠢᠨ 9 ᠴᠡᠴᠡᠷᠯᠢᠭ ᠦᠨ ᠳᠤᠮᠳᠠ᠂ ᠠᠬᠠᠯᠠᠬᠤ ᠪᠦᠯᠦᠭ ᠦᠨ 830 ᠭᠠᠷᠤᠢ ᠬᠡᠦᠬᠡᠳ ᠦᠳ ᠲᠦ ᠣᠷᠣᠨ ᠨᠤᠲᠤᠭ ᠤᠨ ᠮᠦᠽᠧᠢ ᠶᠢ ᠦᠨ᠎ᠡ ᠦᠭᠡᠢ ᠦᠵᠡᠭᠦᠯᠵᠡᠢ᠃ ᠲᠡᠳᠡ ᠡᠨᠡ ᠦᠶ᠎ᠡ ᠪᠡᠷ ᠴᠡᠴᠡᠷᠯᠢᠭ ᠦᠨ ᠬᠡᠦᠬᠡᠳ ᠦᠳ ᠲᠦ ᠪᠠᠬᠠᠷᠬᠠᠨ ᠳᠠᠭᠤᠷᠢᠶᠠᠬᠤ ᠠᠯᠳᠠᠷᠲᠠᠨ ᠨᠤᠭᠤᠳ᠂ ᠮᠣᠩᠭᠣᠯ ᠤᠨ ᠲᠡᠦᠬᠡ ᠶᠢᠨ ᠰᠣᠨᠢᠷᠬᠠᠯᠲᠠᠢ ᠦᠵᠡᠮᠦᠷᠢ ᠨᠦᠭᠦᠳ ᠢ ᠲᠠᠶᠢᠯᠪᠤᠷᠢᠯᠠᠵᠤ ᠬᠡᠦᠬᠡᠳ ᠦᠳ ᠮᠦᠽᠧᠢ ᠲᠡᠢ ᠲᠠᠨᠢᠯᠴᠠᠭᠰᠠᠨ ᠲᠤᠬᠠᠢ ᠪᠠᠨ ᠵᠢᠷᠤᠭ ᠢᠶᠠᠷ ᠢᠯᠡᠷᠬᠡᠶᠢᠯᠡᠵᠦ ᠮᠦᠽᠧᠢ  ᠳᠤ ᠬᠠᠳᠠᠭᠠᠯᠠᠭᠤᠯᠵᠠᠢ ᠃ ᠮᠥᠨ ᠴᠢᠨᠳᠠᠮᠤᠨᠢ ᠡᠷᠳᠡᠨᠢ ᠯᠠᠪᠤᠷᠠᠲ᠋ᠣᠷᠢ ᠰᠤᠷᠭᠠᠭᠤᠯᠢ ᠶᠢᠨ ᠲᠡᠦᠬᠡ ᠶᠢᠨ ᠪᠠᠭᠰᠢ ᠨ∙ ᠤᠤᠭᠠᠨᠪᠢᠯᠢᠭ᠌  ᠲᠠᠢ ᠬᠠᠮᠲᠤᠷᠠᠨ ︽ᠮᠣᠩᠭᠣᠯ ᠤᠨ ᠲᠡᠦᠬᠡ︾ ᠬᠢᠴᠢᠶᠡᠯ ᠦᠨ ᠬᠦᠷᠢᠶᠡᠨ ᠳᠦ  ︽ᠪᠠᠬᠠᠷᠬᠠᠨ ᠳᠠᠭᠤᠷᠢᠶᠠᠬᠤ ᠠᠯᠳᠠᠷᠲᠠᠨ ᠨᠤᠭᠤᠳ︾ ᠰᠡᠳᠦᠪ ᠲᠡᠢ ᠬᠢᠴᠢᠶᠡᠯ ᠢ ᠠᠬᠠᠯᠠᠬᠤ ᠠᠩᠬᠢ ᠶᠢᠨ ᠰᠤᠷᠤᠭᠴᠢᠳ ᠲᠤ ᠨᠡᠶᠢᠲᠡ ᠳᠣᠯᠣᠭᠠᠨ ᠤᠳᠠᠭ᠎ᠠ ᠮᠦᠽᠧᠢ ᠶᠢᠨ ᠲᠠᠩᠬᠢᠮ ᠳᠤ ᠶᠠᠪᠤᠭᠤᠯᠤᠭᠰᠠᠨ ᠨᠢ ᠰᠣᠨᠢᠷᠬᠠᠯᠲᠠᠢ ᠦᠷ᠎ᠡ  ᠳ᠋ᠦᠩ ᠲᠡᠢ ᠰᠤᠷᠭᠠᠯᠲᠠ ᠪᠣᠯᠤᠭᠰᠠᠨ ᠪᠠᠶᠢᠭ᠎ᠠ᠃ ᠲᠡᠦᠬᠡ ᠪᠣᠯ ᠪᠢᠳᠡᠨ ᠦ ᠰᠤᠷᠤᠯᠴᠠᠬᠤ ᠪᠠᠰᠠ ᠨᠢᠭᠡ ᠥᠪ ᠶᠤᠮ᠃ ᠲᠡᠶᠢᠮᠦ ᠡᠴᠡ ᠮᠠᠨ ᠤ ᠮᠦᠽᠧᠢ ᠡᠴᠡ ᠴᠡᠴᠡᠷᠯᠢᠭ  ᠪᠣᠯᠤᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠬᠡᠦᠬᠡᠳ ᠦᠳ ᠲᠦ ᠲᠡᠦᠬᠡ ᠶᠢᠨ ᠮᠡᠳᠡᠯᠭᠡ ᠣᠶᠢᠯᠠᠭᠠᠯᠲᠠ ᠶᠢ ᠨᠡᠮᠡᠭᠳᠡᠭᠦᠯᠬᠦ᠂ ᠲᠡᠳᠡᠨ ᠳᠦ ᠲᠡᠦᠬᠡ ᠶᠢ ᠰᠢᠮᠲᠡᠨ ᠰᠤᠳᠤᠯᠬᠤ ᠪᠣᠯᠤᠮᠵᠢ ᠶᠢ ᠪᠠᠶᠢᠩᠭᠤ ᠣᠯᠭᠤᠳᠠᠭ ᠶᠤᠮ ᠬᠡᠮᠡᠨ ᠠᠶᠢᠮᠠᠭ ᠤᠨ ᠣᠷᠣᠨ ᠨᠤᠲᠤᠭ ᠢ ᠰᠤᠳᠤᠯᠬᠤ ᠮᠦᠽᠧᠢ ᠡᠴᠡ ᠮᠡᠳᠡᠭᠡᠯᠡᠪᠡ᠃

ᠰᠡᠳᠬᠢᠭᠳᠡᠯ ᠦᠯᠡᠳᠡᠭᠡᠬᠦ