ᠳᠠᠷᠬᠠᠨ᠂ ᠨᠠᠯᠠᠶᠢᠬᠤ ᠶᠢᠨ ᠵᠠᠮ ᠢ ᠳᠥᠷᠪᠡᠨ ᠡᠩᠨᠡᠭᠡ ᠲᠠᠢ ᠪᠣᠯᠭᠠᠨ᠎ᠠ | News.MN

ᠳᠠᠷᠬᠠᠨ᠂ ᠨᠠᠯᠠᠶᠢᠬᠤ ᠶᠢᠨ ᠵᠠᠮ ᠢ ᠳᠥᠷᠪᠡᠨ ᠡᠩᠨᠡᠭᠡ ᠲᠠᠢ ᠪᠣᠯᠭᠠᠨ᠎ᠠ

ᠰᠡᠭᠦᠯ ᠦᠨ ᠲᠠᠪᠤᠨ ᠵᠢᠯ ᠮᠠᠰᠢᠨ ᠤ ᠣᠰᠣᠯ ᠢᠶᠠᠷ ᠡᠳᠦᠷ ᠲᠦ ᠳᠤᠮᠳᠠᠴᠢ ᠪᠠᠷ ᠬᠣᠶᠠᠷ ᠬᠦᠮᠦᠨ ᠨᠠᠰᠤ ᠪᠠᠷᠠᠵᠤ᠂ 20 ᠬᠦᠮᠦᠨ ᠭᠡᠮᠲᠦᠵᠦ ᠪᠡᠷᠲᠡᠵᠦ ᠪᠠᠶᠢᠭ᠎ᠠ ᠭᠡᠬᠦ ᠰᠤᠳᠤᠯᠭ᠎ᠠ ᠶᠢ ᠰᠲ᠋ᠠᠲ᠋ᠢᠰᠲ᠋ᠢᠺ ᠤᠨ ᠬᠣᠷᠢᠶᠠᠨ ᠠᠴᠠ ᠭᠠᠷᠭᠠᠵᠠᠢ᠃ ᠲᠡᠭᠡᠭᠡᠪᠦᠷᠢ ᠶᠢᠨ ᠴᠠᠭᠳᠠᠭ᠎ᠠ ᠶᠢᠨ ᠠᠯᠪᠠᠨ ᠳᠤ ᠡᠳᠦᠷ ᠲᠦ ᠣᠰᠣᠯ ᠤᠨ ᠳᠠᠭᠤᠳᠠᠯᠭ᠎ᠠ ᠮᠡᠳᠡᠭᠡᠯᠡᠯ 350-400 ᠣᠷᠴᠢᠮ ᠢᠷᠡᠳᠡᠭ ᠠᠵᠢ᠃
ᠤᠯᠠᠭᠠᠨᠪᠠᠭᠠᠲᠤᠷ ᠬᠣᠲᠠ ᠠᠴᠠ ᠭᠠᠳᠠᠭᠰᠢ ᠴᠢᠭᠯᠡᠯ ᠦᠨ ᠵᠠᠮ ᠤᠳ ᠠᠮᠠᠷᠠᠯᠲᠠ ᠶᠢᠨ ᠡᠳᠦᠷ ᠪᠣᠯᠤᠨ ᠪᠠᠶᠠᠷ ᠶᠣᠰᠣᠯᠠᠯ ᠤᠨ ᠡᠳᠦᠷ ᠠᠴᠢᠶᠠᠯᠠᠯ ᠶᠡᠬᠡᠰᠴᠦ᠂ ᠤᠯᠠᠮ ᠢᠶᠠᠷ ᠣᠰᠣᠯ ᠶᠡᠬᠡ ᠪᠡᠷ ᠭᠠᠷᠤᠭᠰᠠᠭᠠᠷ ᠪᠠᠶᠢᠨ᠎ᠠ᠃ ᠡᠶᠢᠮᠦ ᠳᠦ ᠢᠷᠭᠡᠳ ᠬᠣᠲᠠ ᠠᠴᠠ ᠭᠠᠷᠬᠤ ᠴᠢᠭᠯᠡᠯ ᠦᠨ 22 ᠍ ᠤᠨ ᠲᠣᠪᠴᠢᠶᠠᠨ ᠤ ᠪᠣᠯᠤᠨ ᠪᠠᠶᠠᠨᠵᠢᠷᠦᠬᠡ ᠶᠢᠨ ᠲᠣᠪᠴᠢᠶ᠎ᠠ ᠣᠷᠴᠢᠮ ᠢᠶᠠᠷ ᠲᠦᠭᠵᠢᠷᠡᠯ ᠶᠡᠬᠡᠰᠳᠡᠭ ᠲᠠᠯ᠎ᠠ ᠪᠠᠷ ᠭᠣᠮᠣᠳᠠᠯ ᠢᠷᠡᠭᠦᠯᠬᠦ ᠪᠣᠯᠤᠭᠰᠠᠨ ᠃ ᠡᠨᠡ ᠲᠤᠬᠠᠢ ᠲᠡᠭᠡᠭᠡᠪᠦᠷᠢ ᠶᠢᠨ ᠴᠠᠭᠳᠠᠭ᠎ᠠ ᠶᠢᠨ ᠠᠯᠪᠠᠨ ᠠᠴᠠ ᠲᠤᠬᠠᠢ ᠶᠢᠨ ᠴᠢᠭᠯᠡᠯ ᠦᠨ ᠵᠠᠮ ᠢ ᠵᠠᠰᠠᠬᠤ ᠬᠦᠰᠡᠯᠲᠡ ᠶᠢ ᠬᠣᠯᠪᠣᠭᠳᠠᠬᠤ ᠠᠯᠪᠠᠨ ᠳᠤ ᠬᠦᠷᠭᠡᠭᠦᠯᠦᠭᠰᠡᠨ ᠪᠠᠶᠢᠨ᠎ᠠ᠃ ᠢᠷᠡᠬᠦ ᠣᠨ ᠠᠴᠠ ᠳᠡᠭᠡᠷᠡᠬᠢ ᠴᠢᠭᠯᠡᠯ ᠦᠨ ᠵᠠᠮ  ᠢ  ᠡᠰᠡᠷᠭᠦ  ᠬᠦᠳᠡᠯᠭᠡᠭᠡᠨ ᠲᠠᠢ ᠳᠥᠷᠪᠡᠨ ᠡᠩᠨᠡᠭᠡ ᠪᠣᠯᠭᠠᠬᠤ ᠪᠠᠷ ᠵᠢᠷᠤᠭ ᠲᠥᠰᠥᠯ ᠬᠢᠭᠳᠡᠵᠦ ᠡᠬᠢᠯᠡᠵᠡᠢ᠃ ᠪᠦᠲᠦᠭᠡᠨ ᠪᠠᠶᠢᠭᠤᠯᠤᠯᠲᠠ ᠢᠷᠡᠬᠦ ᠵᠢᠯ ᠡᠴᠡ ᠶᠠᠪᠤᠭᠳᠠᠬᠤ ᠪᠠᠷ ᠪᠣᠯᠤᠭᠰᠠᠨ ᠪᠠᠶᠢᠨ᠎ᠠ᠃ ᠲᠡᠭᠦᠨᠴᠢᠯᠡᠨ 21 ᠳᠦᠭᠡᠷ ᠬᠣᠷᠢᠶᠠᠯᠠᠯ ᠪᠣᠯᠤᠨ 3᠂4 ᠍ ᠳᠦᠭᠡᠷ ᠬᠣᠷᠢᠶᠠᠯᠠᠯ ᠤᠨ ᠵᠠᠮ ᠢ ᠨᠡᠪᠲᠡ ᠬᠣᠯᠪᠣᠭᠰᠠᠨ ᠵᠠᠮ ᠪᠠᠷᠢᠭᠳᠠᠬᠤ ᠪᠠᠷ ᠶᠠᠷᠢᠭᠳᠠᠵᠤ ᠪᠠᠶᠢᠭ᠎ᠠ  ᠠᠵᠠᠢ ᠃

ᠰᠡᠳᠬᠢᠭᠳᠡᠯ ᠦᠯᠡᠳᠡᠭᠡᠬᠦ