ᠫᠠᠺᠢᠰᠲ᠋ᠠᠨ ᠤ ᠲᠠᠮᠢᠷᠴᠢᠳ ᠮᠣᠩᠭᠣᠯ ᠳᠤ ᠪᠡᠯᠡᠳᠬᠡᠯ ᠬᠢᠨ᠎ᠡ | News.MN

ᠫᠠᠺᠢᠰᠲ᠋ᠠᠨ ᠤ ᠲᠠᠮᠢᠷᠴᠢᠳ ᠮᠣᠩᠭᠣᠯ ᠳᠤ ᠪᠡᠯᠡᠳᠬᠡᠯ ᠬᠢᠨ᠎ᠡ

ᠬᠦᠨᠳᠦ ᠶᠢᠨ ᠡᠷᠭᠦᠯᠲᠡ ᠶᠢᠨ ᠰᠢᠭᠰᠢᠭᠡ ᠪᠠᠭ ᠤᠨ ᠠᠬᠠᠯᠠᠬᠤ ᠳᠠᠰᠬᠠᠯᠵᠢᠭᠤᠯᠤᠭᠴᠢ ᠼ∙ᠬᠣᠣᠰᠪᠠᠶᠠᠷ ᠲᠠᠢ ᠶᠠᠷᠢᠯᠴᠠᠭᠰᠠᠨ ᠢᠶᠠᠨ ᠬᠦᠷᠭᠡᠶ᠎ᠡ᠃
– ᠬᠦᠨᠳᠦ  ᠶᠢᠨ ᠡᠷᠭᠦᠯᠲᠠ  ᠶᠢᠨ ᠡᠷᠡᠭᠲᠡᠢ ᠪᠠᠭ ᠢ ᠬᠡᠷᠬᠢᠨ ᠪᠦᠷᠢᠳᠦᠭᠦᠯᠬᠦ ᠪᠤᠢ ︖
-ᠢᠷᠡᠬᠦ ᠵᠢᠯ ᠡᠴᠡ ᠡᠷᠡᠭᠲᠡᠢ ᠪᠠᠭ ᠳᠡᠭᠡᠷ᠎ᠡ ᠠᠩᠬᠠᠷᠴᠤ ᠠᠵᠢᠯᠯᠠᠨ᠎ᠠ᠃ ᠥᠰᠪᠦᠷᠢ᠂ ᠵᠠᠯᠠᠭᠤᠴᠤᠳ ᠤᠨ ᠠᠩᠭᠢᠯᠠᠯ ᠳᠤ ᠪᠠᠶᠢᠭ᠎ᠠ 4-5 ᠵᠠᠯᠠᠭᠤᠰ ᠢ ᠰᠣᠩᠭᠣᠭᠠᠳ ᠫᠠᠺᠢᠰᠲ᠋ᠠᠨ᠂ ᠬᠠᠰᠠᠭᠰᠲ᠋ᠠᠨ᠂ ᠶᠠᠫᠣᠨ ᠳᠤ ᠬᠠᠮᠲᠤᠷᠠᠭᠰᠠᠨ ᠪᠡᠯᠡᠳᠬᠡᠯ ᠢ ᠬᠢᠨ᠎ᠡ᠃ ᠢᠯᠠᠩᠭᠤᠶ᠎ᠠ ᠫᠠᠺᠢᠰᠲ᠋ᠠᠨ  ᠤ ᠡᠷᠡᠭᠲᠡᠢ ᠪᠠᠭ ᠰᠡᠭᠦᠯ ᠦᠨ ᠵᠢᠯ ᠦᠳ ᠲᠦ ᠬᠦᠴᠦ ᠲᠦᠷᠢᠨ ᠭᠠᠷᠴᠤ ᠢᠷᠡᠵᠦ ᠪᠠᠶᠢᠨ᠎ᠠ᠃ ᠲᠡᠳᠡᠨ ᠲᠡᠢ ᠲᠦᠩᠰᠢᠯᠡᠯ ᠦᠨ ᠥᠨᠳᠥᠷ ᠬᠠᠷᠢᠯᠴᠠᠭ᠎ᠠ ᠲᠠᠢ ᠪᠣᠯᠵᠤ᠂ ᠫᠠᠺᠢᠰᠲ᠋ᠠᠨ ᠡᠮᠡᠭᠲᠡᠶᠢᠴᠦᠳ ᠮᠣᠩᠭᠣᠯ ᠳᠤ ᠢᠷᠡᠵᠦ ᠪᠡᠯᠡᠳᠬᠡᠯ ᠬᠢᠬᠦ ᠪᠡᠷ ᠪᠣᠯᠤᠭᠰᠠᠨ᠃ ᠬᠠᠷᠢᠨ ᠮᠠᠨ ᠤ ᠵᠠᠯᠠᠭᠤᠰ ᠫᠠᠺᠢᠰᠲ᠋ᠠᠨ  ᠳᠤ ᠣᠴᠢᠵᠤ ᠪᠡᠯᠡᠳᠬᠡᠯ ᠬᠢᠨ᠎ᠡ᠃ ᠬᠠᠰᠠᠭᠰᠲ᠋ᠠᠨ ᠳᠤ ᠮᠣᠩᠭᠣᠯ ᠳᠤ ᠡᠯᠢᠭᠡ ᠲᠡᠢ ᠳᠠᠰᠬᠠᠯᠵᠢᠭᠤᠯᠤᠭᠴᠢ ᠨᠠᠷ ᠮᠠᠨᠢ ᠪᠢᠳᠡᠨ ᠢ ᠤᠷᠢᠰᠠᠨ᠃ ᠶᠠᠫᠣᠨ ᠲᠠᠢ ᠮᠥᠨ  ᠭᠡᠷ᠎ᠡ ᠬᠡᠯᠡᠯᠴᠡᠭᠡ ᠪᠡᠨ ᠬᠢᠴᠢᠬᠡᠭᠡᠳ ᠰᠠᠭᠤᠨ᠎ᠠ᠃

– ᠫᠠᠺᠢᠰᠲ᠋ᠠᠨ ᠳᠤ ᠶᠠᠭᠠᠬᠢᠭᠠᠳ ᠪᠡᠯᠡᠳᠬᠡᠯ ᠬᠢᠬᠦ ᠪᠡᠷ ᠪᠣᠯᠪᠠ ︖
– ᠫᠠᠺᠢᠰᠲ᠋ᠠᠨ  ᠤ ᠦᠨᠳᠦᠰᠦᠨ ᠦ ᠣᠯᠢᠮᠫ ᠤᠨ ᠬᠣᠷᠢᠶᠠᠨ ᠤ ᠶᠡᠷᠦᠩᠬᠡᠶᠢᠯᠡᠭᠴᠢ ᠨᠢ ᠬᠦᠨᠳᠦ ᠶᠢᠨ ᠡᠷᠭᠦᠯᠲᠡ ᠶᠢᠨ ᠬᠣᠯᠪᠣᠭᠠᠨ ᠤ ᠪᠠᠨ ᠶᠡᠷᠦᠩᠬᠡᠶᠢᠯᠡᠭᠴᠢ ᠶᠢᠨ ᠠᠯᠪᠠ ᠶᠢ ᠳᠠᠪᠬᠤᠷ ᠬᠠᠰᠢᠳᠠᠭ᠃ ᠮᠠᠨ ᠤ ᠡᠮᠡᠭᠲᠡᠢ ᠲᠠᠮᠢᠷᠴᠢᠳ ᠤᠨ ᠠᠮᠵᠢᠯᠲᠠ ᠠᠰᠤᠷᠤ ᠬᠤᠷᠳᠤ ᠲᠠᠢ ᠬᠥᠭᠵᠢᠵᠦ ᠪᠠᠶᠢᠭ᠎ᠠ ᠶᠢ ᠬᠠᠷᠠᠭᠠᠳ ᠫᠠᠺᠢᠰᠲ᠋ᠠᠨ  ᠠᠴᠠ ᠡᠮᠡᠭᠲᠡᠢ ᠪᠠᠭ  ᠢᠶᠠᠨ ᠮᠣᠩᠭᠣᠯ ᠳᠤ ᠪᠡᠯᠡᠳᠬᠡᠯ ᠬᠢᠯᠭᠡᠬᠦ ᠰᠠᠨᠠᠯ ᠢ ᠲᠠᠯᠪᠢᠭᠰᠠᠨ᠃ ᠢᠷᠡᠬᠦ ᠣᠨ ᠤ ᠵᠢᠷᠭᠤᠳᠤᠭᠠᠷ ᠰᠠᠷ᠎ᠠ ᠳᠤ ᠫᠠᠺᠢᠰᠲ᠋ᠠᠨ ᠤ ᠡᠮᠡᠭᠲᠡᠢ ᠪᠠᠭ ᠮᠠᠨ ᠤ ᠤᠯᠤᠰ ᠲᠤ ᠢᠷᠡᠵᠦ ᠭᠤᠷᠪᠠᠨ ᠰᠠᠷ᠎ᠠ ᠶᠢᠨ ᠪᠡᠯᠡᠳᠬᠡᠯ ᠬᠢᠨ᠎ᠡ᠃ ᠬᠠᠷᠢᠨ ᠮᠠᠨ ᠤ ᠡᠷᠡᠭᠲᠡᠢ ᠪᠠᠭ ᠫᠠᠺᠢᠰᠲ᠋ᠠᠨ ᠳᠤ ᠪᠡᠯᠡᠳᠬᠡᠯ ᠬᠢᠬᠦ ᠪᠡᠷ ᠶᠠᠷᠢᠯᠴᠠᠭᠰᠠᠨ ᠪᠠᠶᠢᠭ᠎ᠠ᠃ ᠡᠨᠡ ᠵᠢᠯ ᠦᠨ ᠵᠠᠯᠠᠭᠤᠴᠤᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ +100  ᠺᠢᠯᠦᠭᠷᠡᠮ ᠳᠦ ᠫᠠᠺᠢᠰᠲ᠋ᠠᠨ ᠬᠦᠦ ᠲᠦᠷᠦᠭᠦᠯᠡᠭᠰᠡᠨ᠃ ᠡᠨᠡ ᠵᠠᠯᠠᠭᠤ ᠶᠢᠨ ᠠᠮᠵᠢᠯᠲᠠ ᠪᠣᠯ ᠲᠡᠰᠦᠷᠡᠯᠲᠡ ᠪᠠᠶᠢᠭᠰᠠᠨ᠃ ᠲᠡᠶᠢᠮᠦ ᠡᠴᠡ ᠪᠢᠳᠡ ᠫᠠᠺᠢᠰᠲ᠋ᠠᠨ  ᠤ ᠬᠦᠨᠳᠦ ᠶᠢᠨ ᠡᠷᠭᠦᠯᠲᠡ ᠶᠢᠨ ᠬᠣᠯᠪᠣᠭ᠎ᠠ ᠲᠠᠢ ᠬᠠᠮᠲᠤ ᠶᠢᠨ ᠠᠵᠢᠯᠯᠠᠭ᠎ᠠ  ᠪᠠᠨ ᠥᠷᠭᠡᠵᠢᠭᠦᠯᠬᠦ ᠪᠡᠷ ᠠᠵᠢᠯᠯᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ