︽ᠮᠠᠯᠴᠢᠨ ᠯᠠᠪᠯᠠᠬᠤ 109︾ ᠮᠡᠳᠡᠭᠡᠯᠡᠯ ᠦᠨ ᠲᠥᠪ ᠠᠵᠢᠯᠯᠠᠵᠤ ᠡᠬᠢᠯᠡᠯ᠎ᠡ | News.MN

︽ᠮᠠᠯᠴᠢᠨ ᠯᠠᠪᠯᠠᠬᠤ 109︾ ᠮᠡᠳᠡᠭᠡᠯᠡᠯ ᠦᠨ ᠲᠥᠪ ᠠᠵᠢᠯᠯᠠᠵᠤ ᠡᠬᠢᠯᠡᠯ᠎ᠡ

ᠮᠠᠯ ᠤᠨ ᠬᠤᠯᠠᠭᠠᠢ ᠲᠠᠢ ᠲᠡᠮᠡᠴᠡᠬᠦ᠂ ᠴᠢᠨᠠᠭᠰᠢᠯᠠᠭᠠᠳ ᠮᠠᠯ ᠤᠨ ᠠᠷᠠᠰᠤ ᠰᠢᠷᠢ᠂ ᠮᠢᠬᠠᠨ ᠤ ᠦᠨ᠎ᠡ ᠬᠠᠩᠰᠢ ᠵᠡᠷᠭᠡ ᠮᠠᠯᠴᠢᠳ ᠤᠨ ᠰᠣᠨᠢᠷᠬᠠᠭᠰᠠᠨ ᠠᠰᠠᠭᠤᠯᠲᠠ ᠳᠤ ᠬᠠᠷᠢᠭᠤᠯᠲᠠ ᠥᠭᠬᠦ ᠵᠣᠷᠢᠯᠭ᠎ᠠ ᠪᠠᠷ 2015 ᠣᠨ ᠤ 11 ᠳ᠋ᠤᠭᠡᠷ ᠰᠠᠷ᠎ᠠ ᠳᠤ ︽ᠮᠠᠯᠴᠢᠨ ᠯᠠᠪᠯᠠᠬᠤ-109︾ ᠤᠲᠠᠰᠤ ᠶᠢ ᠠᠵᠢᠯᠯᠠᠭᠤᠯᠬᠤ ᠪᠠᠷ ᠰᠢᠢᠳᠪᠦᠷᠢᠯᠡᠭᠰᠡᠨ ᠪᠠᠶᠢᠳᠠᠭ᠃ 2016 ᠣᠨ ᠤ 9 ᠳ᠋ᠤᠭᠡᠷ ᠰᠠᠷ᠎ᠠ ᠶᠢᠨ ᠪᠠᠶᠢᠳᠠᠯ ᠢᠶᠠᠷ 7000 ᠭᠠᠷᠤᠢ ᠮᠠᠯ ᠤᠨ ᠬᠤᠯᠠᠭᠠᠢ ᠶᠢᠨ ᠵᠠᠷ ᠠᠪᠴᠤ᠂ 4700 ᠮᠠᠯ ᠢ ᠡᠵᠡᠨ ᠳᠦ ᠨᠢ ᠣᠯᠵᠤ ᠥᠭᠴᠦ᠂ ᠦᠷ᠎ᠡ ᠳ᠋ᠦᠩ ᠲᠡᠢ ᠠᠵᠢᠯᠯᠠᠵᠤ ᠪᠠᠶᠢᠭᠠᠳ ᠯᠠᠪᠯᠠᠬᠤ ᠤᠲᠠᠰᠤᠨ ᠤ ᠦᠢᠯᠡ ᠠᠵᠢᠯᠯᠠᠭ᠎ᠠ ᠶᠢ ᠥᠷᠭᠡᠵᠢᠭᠦᠯᠬᠦ᠂ ᠨᠠᠶᠢᠳᠠᠪᠤᠷᠢᠲᠠᠢ ᠠᠵᠢᠯᠯᠠᠭ᠎ᠠ ᠶᠢ ᠬᠠᠩᠭᠠᠬᠤ ᠵᠣᠷᠢᠯᠭ᠎ᠠ ᠪᠠᠷ ᠬᠡᠰᠡᠭ ᠬᠤᠭᠤᠴᠠᠭᠠᠨ ᠳᠤ ᠵᠠᠪᠰᠠᠷᠯᠠᠭᠰᠠᠨ ᠶᠤᠮ᠃ ᠮᠠᠯᠴᠢᠳ ᠠᠴᠠ ᠮᠠᠯ ᠠᠯᠳᠠᠭᠰᠠᠨ᠂ ᠣᠯᠳᠠᠭᠰᠠᠨ ᠮᠡᠳᠡᠭᠡᠯᠡᠯ ᠢ 24 ᠴᠠᠭ ᠤᠨ ᠲᠤᠷᠰᠢ ᠰᠢᠭᠤᠷᠬᠠᠢ ᠠᠪᠴᠤ᠂ ᠬᠠᠤᠯᠢ ᠬᠢᠨᠠᠯᠲᠠ ᠶᠢᠨ ᠪᠠᠶᠢᠭᠤᠯᠤᠯᠭ᠎ᠠ ᠳᠤ ᠴᠠᠭ ᠠᠯᠠᠳᠠᠯ ᠦᠭᠡᠢ ᠳᠠᠮᠵᠢᠭᠤᠯᠬᠤ᠂ ᠰᠢᠢᠳᠪᠦᠷᠢᠯᠡᠬᠦ ᠶᠢᠨ ᠲᠥᠯᠥᠭᠡ ᠠᠵᠢᠯᠯᠠᠬᠤ ᠠᠴᠠ ᠭᠠᠳᠠᠨ᠎ᠠ ᠮᠠᠯ ᠤᠨ ᠲᠦᠭᠦᠬᠡᠢ ᠡᠳ᠋ ᠍ ᠦᠨ ᠬᠠᠩᠰᠢ᠂ ᠴᠠᠭ ᠠᠭᠠᠷ ᠤᠨ ᠮᠡᠳᠡᠭᠡ ᠪᠣᠯᠤᠨ ᠮᠠᠯᠴᠢᠳ ᠲᠤ ᠱᠠᠭᠠᠷᠳᠠᠯᠭ᠎ᠠ ᠲᠠᠢ ᠪᠤᠰᠤᠳ ᠮᠡᠳᠡᠭᠡᠯᠡᠯ ᠢᠶᠡᠷ ᠬᠠᠩᠭᠠᠬᠤ ᠶᠢᠨ ᠲᠤᠯᠠᠳᠠ ︽ᠮᠠᠯᠴᠢᠨ ᠯᠠᠪᠯᠠᠬᠤ 109︾ ᠮᠡᠳᠡᠭᠡᠯᠡᠯ ᠦᠨ ᠲᠥᠪ ᠨᠡᠷ᠎ᠡ ᠲᠡᠢ ᠪᠡᠷ ᠳᠠᠬᠢᠨ ᠠᠵᠢᠯᠯᠠᠭᠤᠯᠵᠤ ᠡᠬᠢᠯᠡᠯ᠎ᠡ᠃ ︽ᠮᠠᠯᠴᠢᠨ ᠯᠠᠪᠯᠠᠬᠤ109︾ ᠮᠡᠳᠡᠭᠡᠯᠡᠯ ᠦᠨ ᠲᠥᠪ ᠨᠢ ᠡᠭᠦᠷ ᠦᠨ ᠲᠧᠯᠧᠹᠣᠨ ᠤ ᠣᠫᠧᠷᠠᠲ᠋ᠣᠷ ᠦᠯᠦ ᠬᠠᠷᠠᠭᠠᠯᠵᠠᠨ ᠦᠨ᠎ᠡ ᠲᠥᠯᠦᠪᠦᠷᠢ ᠦᠭᠡᠢ ᠦᠢᠯᠡᠴᠢᠯᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ