ᠳ∙ᠡᠩᠬᠡᠪᠠᠲᠤ ᠲᠠᠺᠸᠠᠨᠳᠤ᠋ ᠶᠢᠨ ᠬᠣᠯᠪᠣᠭᠠᠨ ᠤ ᠶᠡᠷᠦᠩᠬᠡᠶᠢᠯᠡᠭᠴᠢ ᠪᠡᠷ ᠰᠣᠩᠭᠣᠭᠳᠠᠵᠠᠢ | News.MN

ᠳ∙ᠡᠩᠬᠡᠪᠠᠲᠤ ᠲᠠᠺᠸᠠᠨᠳᠤ᠋ ᠶᠢᠨ ᠬᠣᠯᠪᠣᠭᠠᠨ ᠤ ᠶᠡᠷᠦᠩᠬᠡᠶᠢᠯᠡᠭᠴᠢ ᠪᠡᠷ ᠰᠣᠩᠭᠣᠭᠳᠠᠵᠠᠢ

ᠮᠣᠩᠭᠣᠯ ᠤᠨ ᠣᠯᠢᠮᠫ ᠤᠨ ᠲᠠᠺᠸᠠᠨᠳᠤ᠋ ᠶᠢᠨ ᠬᠣᠯᠪᠣᠭ᠎ᠠ ᠡᠭᠡᠯᠵᠢᠲᠦ ᠪᠤᠰᠤ ᠶᠡᠬᠡ ᠬᠤᠷᠠᠯ ᠢᠶᠠᠨ ᠠᠷᠪᠠᠨ ᠨᠢᠭᠡᠳᠦᠭᠡᠷ ᠰᠠᠷ᠎ᠠ ᠶᠢᠨ 24 ᠍ ᠳᠦ ᠬᠢᠵᠦ ᠳᠦᠷᠢᠮ ᠢᠶᠡᠨ ᠪᠠᠲᠤᠯᠠᠨ᠂ ᠢᠷᠡᠬᠦ ᠳᠥᠷᠪᠡᠨ ᠵᠢᠯ ᠳᠦ ᠲᠤᠰ ᠬᠣᠯᠪᠣᠭ᠎ᠠ ᠶᠢ ᠤᠳᠤᠷᠢᠳᠬᠤ ᠶᠡᠷᠦᠩᠬᠡᠶᠢᠯᠡᠭᠴᠢ ᠪᠡᠷ ᠳ∙ᠡᠩᠬᠡᠪᠠᠲᠤ ᠶᠢ ᠰᠣᠩᠭᠣᠭᠰᠠᠨ ᠪᠠᠶᠢᠨ᠎ᠠ᠃ ᠡᠭᠡᠯᠵᠢᠲᠦ ᠪᠤᠰᠤ ᠤᠭ ᠬᠤᠷᠠᠯ ᠳᠤ 109 ᠭᠡᠰᠢᠭᠦᠨ ᠣᠷᠣᠯᠴᠠᠵᠤ᠂ 57 ᠬᠤᠪᠢ ᠶᠢᠨ ᠰᠠᠨᠠᠯ ᠢᠶᠠᠷ ᠳ∙ᠡᠩᠬᠡᠪᠠᠲᠤ ᠶᠢ ᠬᠣᠯᠪᠣᠭᠠᠨ ᠤ ᠶᠡᠷᠦᠩᠬᠡᠶᠢᠯᠡᠭᠴᠢ ᠪᠡᠷ ᠰᠣᠩᠭᠣᠵᠠᠢ᠃ ᠲᠡᠷᠡ ᠪᠡᠷ ᠪᠠᠭ ᠢᠶᠠᠨ ᠪᠦᠷᠢᠳᠦᠭᠦᠯᠵᠦ᠂ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠪᠠᠷ ᠮ∙ᠡᠩᠬᠡᠪᠠᠭᠠᠲᠤᠷ ᠢ ᠲᠣᠮᠢᠯᠠᠭᠰᠠᠨ ᠶᠤᠮ ᠃ ᠳᠠᠰᠢᠷᠠᠮ ᠳᠤ  ᠳᠤᠭᠤᠯᠭᠠᠬᠤ ᠳᠤ᠂ ᠳ∙ᠡᠩᠬᠡᠪᠠᠲᠤ ᠶᠢᠨ ᠬᠤᠪᠢ ᠳᠤ 2006-2018 ᠣᠨ ᠢ ᠬᠦᠷᠲᠡᠯᠡᠬᠢ 12 ᠵᠢᠯ ᠦᠨ ᠬᠤᠭᠤᠴᠠᠭᠠᠨ ᠳᠤ ᠮᠣᠩᠭᠣᠯ ᠤᠨ ᠣᠯᠢᠮᠫ ᠤᠨ ᠲᠠᠺᠸᠠᠨᠳᠤ᠋ ᠶᠢᠨ ᠬᠣᠯᠪᠣᠭ᠎ᠠ ᠶᠢ ᠤᠳᠤᠷᠢᠳᠴᠤ ᠪᠠᠶᠢᠭᠠᠳ ᠰᠠᠷ᠎ᠠ ᠭᠠᠷᠤᠢ ᠶᠢᠨ ᠡᠮᠦᠨ᠎ᠡ ᠶᠣᠰᠣ ᠵᠦᠢ ᠶᠢᠨ ᠬᠠᠷᠢᠭᠤᠴᠠᠯᠭ᠎ᠠ ᠬᠦᠯᠢᠶᠡᠨ᠂ ᠥᠪᠡᠷ ᠦᠨ ᠬᠦᠰᠡᠯᠲᠡ ᠪᠡᠷ ᠠᠵᠢᠯ ᠢᠶᠠᠨ ᠬᠦᠯᠢᠶᠡᠯᠭᠡᠨ ᠥᠭᠭᠦᠭᠡᠳ ᠪᠠᠶᠢᠭᠰᠠᠨ ᠴᠤ ᠡᠶᠢᠨ ᠬᠦ ᠳᠠᠬᠢᠨ ᠰᠣᠩᠭᠣᠭᠳᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ