Mongolia Today ᠰᠡᠳᠬᠦᠯ ᠠᠮᠧᠷᠢᠺᠠ ᠶᠢᠨ ᠺᠣᠩᠷᠧᠰᠰ ᠤᠨ ᠨᠣᠮ ᠤᠨ ᠰᠠᠩ ᠳᠤ | News.MN

Mongolia Today ᠰᠡᠳᠬᠦᠯ ᠠᠮᠧᠷᠢᠺᠠ ᠶᠢᠨ ᠺᠣᠩᠷᠧᠰᠰ ᠤᠨ ᠨᠣᠮ ᠤᠨ ᠰᠠᠩ ᠳᠤ

ᠮᠣᠩᠭᠣᠯ ᠤᠨ ᠦᠨᠳᠦᠰᠦᠨ ᠦ ᠮᠡᠳᠡᠭᠡᠯᠡᠯ ᠦᠨ ᠮᠤᠩᠴᠠᠮᠸ ᠠᠭᠧᠨᠲᠯᠢᠭ ᠠᠴᠠ ᠡᠷᠬᠢᠯᠡᠨ ᠭᠠᠷᠭᠠᠳᠠᠭ Mongolia Today ᠰᠡᠳᠬᠦᠯ᠂ Mongol Messenger ᠰᠣᠨᠢᠨ ᠢ ᠠᠮᠧᠷᠢᠺᠠ ᠶᠢᠨ ᠨᠢᠭᠡᠳᠦᠭᠰᠡᠨ ᠤᠯᠤᠰ ᠤᠨ ᠸᠠᠰᠢᠩᠲ᠋ᠣᠨ ᠳᠠᠬᠢ ᠺᠣᠩᠷᠧᠰᠰ ᠤᠨ ᠨᠣᠮ ᠤᠨ ᠰᠠᠩ ᠤᠨ ᠤᠩᠰᠢᠭᠴᠢᠳ ᠤᠩᠰᠢᠵᠤ ᠪᠠᠶᠢᠨ᠎ᠠ᠃ ᠬᠠᠮᠤᠭ ᠤᠨ ᠰᠡᠭᠦᠯ ᠳᠦ ᠣᠯᠠᠨ ᠤᠯᠤᠰ ᠤᠨ ᠠᠭᠤᠯᠠᠴᠢᠳ ᠤᠨ ᠬᠣᠯᠪᠣᠭᠠᠨ ᠤ ᠵᠠᠯᠠᠭᠤᠴᠤᠳ ᠤᠨ ᠺᠣᠮᠢᠰ ᠤᠨ ᠭᠡᠰᠢᠭᠦᠨ ᠣ᠊∙ᠪᠠᠲᠤᠰᠠᠶᠢᠬᠠᠨ ᠨᠢ ᠠᠮᠧᠷᠢᠺᠠ  ᠳᠦ ᠠᠵᠢᠯᠯᠠᠬᠤ ᠳᠤ ᠪᠠᠨ ᠺᠣᠩᠷᠧᠰᠰ ᠤᠨ ᠨᠣᠮ ᠤᠨ ᠰᠠᠩ ᠳᠤ Mongolia Today ᠰᠡᠳᠬᠦᠯ᠂ Mongol Messenger ᠰᠣᠨᠢᠨ ᠤ ᠰᠡᠭᠦᠯ ᠦᠨ ᠦᠶ᠎ᠡ ᠳᠦ ᠭᠠᠷᠤᠭᠰᠠᠨ ᠰᠢᠨ᠎ᠡ ᠳ᠋ᠤᠭᠠᠷ ᠤᠳ ᠢ ᠲᠤᠰ ᠨᠣᠮ ᠤᠨ ᠰᠠᠩ ᠤᠨ ᠮᠣᠩᠭᠣᠯ ᠲᠦᠪᠡᠳ ᠦᠨ ᠨᠣᠮ ᠤᠨ ᠰᠠᠩ ᠬᠥᠮᠦᠷᠭᠡ ᠬᠠᠷᠢᠭᠤᠴᠠᠭᠰᠠᠨ ᠠᠵᠢᠯᠲᠠᠨ ᠬᠠᠲᠤᠭᠲᠠᠢ ᠰ∙ ᠮᠠᠶᠢᠨᠾᠠᠶᠢᠲ ᠲᠤ ᠭᠠᠷᠳᠠᠭᠤᠯᠵᠤ ᠥᠭᠭᠦᠭᠡᠳ ᠢᠷᠡᠪᠡ᠃  ᠲᠡᠷᠡ  ᠪᠡᠷ ᠮᠥᠨ ︽ᠮᠣᠩᠭᠣᠯ ᠤᠨ ᠵᠠᠯᠠᠭᠤᠴᠤᠳ︾ ᠴᠤᠪᠤᠷᠠᠯ 15 ᠪᠣᠲᠢ ᠨᠣᠮ ᠤᠨ  ᠲᠠᠪᠤᠳᠤᠭᠠᠷ ᠪᠣᠲᠢ᠂  ︽ᠵᠠᠪᠬᠠᠨ ᠠᠶᠢᠮᠠᠭ︾ ᠭᠡᠷᠡᠯ ᠵᠢᠷᠤᠭ ᠤᠨ ᠴᠣᠮᠣᠭ ᠵᠡᠷᠭᠡ ᠶᠢ ᠲᠤᠰ ᠨᠣᠮ ᠤᠨ ᠰᠠᠩ ᠳᠤ ᠬᠠᠨᠳᠢᠪᠯᠠᠵᠠᠢ᠃
ᠣ᠊∙ᠪᠠᠲᠤᠰᠠᠶᠢᠬᠠᠨ ᠨᠢ 2006 ᠣᠨ ᠠᠴᠠ ᠡᠬᠢᠯᠡᠨ ᠥᠨᠥ ᠶᠢ ᠬᠦᠷᠲᠡᠯ᠎ᠡ 13 ᠵᠢᠯ ᠦᠨ ᠬᠤᠭᠤᠴᠠᠭᠠᠨ ᠳᠤ ᠺᠣᠩᠷᠧᠰᠰ ᠤᠨ ᠨᠣᠮ ᠤᠨ ᠰᠠᠩ ᠤᠨ ᠠᠽᠢᠶ᠎ᠠ ᠶᠢᠨ ᠤᠩᠰᠢᠯᠭ᠎ᠠ ᠶᠢᠨ ᠲᠠᠩᠬᠢᠮ ᠳᠤ ᠵᠣᠷᠢᠭᠤᠯᠵᠤ  ᠬᠤᠪᠢ ᠪᠠᠷ ᠢᠶᠠᠨ ᠮᠣᠩᠭᠣᠯ ᠤᠨ ᠰᠣᠨᠢᠨ ᠰᠡᠳᠬᠦᠯ ᠢ ᠢᠯᠡᠭᠡᠵᠦ᠂ ᠵᠠᠷᠢᠮ ᠳᠤ ᠪᠠᠨ ᠪᠡᠶᠡᠴᠢᠯᠡᠨ ᠣᠴᠢᠵᠤ ᠨᠣᠮ᠂ ᠰᠣᠨᠢᠨ᠂ ᠰᠡᠳᠬᠦᠯ ᠭᠠᠷᠳᠠᠭᠤᠯᠤᠨ ᠥᠭᠴᠦ ᠤᠯᠤᠰ ᠣᠷᠣᠨ ᠢᠶᠠᠨ ᠲᠠᠨᠢᠭᠤᠯᠤᠨ ᠰᠤᠷᠲᠠᠯᠴᠢᠯᠠᠬᠤ ᠠᠵᠢᠯ ᠢ ᠰᠠᠶᠢᠨ ᠳᠤᠷ᠎ᠠ ᠪᠠᠷ ᠢᠶᠠᠨ ᠬᠢᠵᠦ ᠪᠤᠢ ᠪᠥᠭᠡᠳ 2017 ᠣᠨ ᠳᠤ ︽ᠰᠤᠲᠠᠢ ᠶᠢᠨ ᠪᠣᠷᠣ︾ ᠨᠣᠮ᠂ ᠵᠢᠷᠤᠭ ᠤᠨ ᠴᠣᠮᠣᠭ ᠤᠨ 3 ᠪᠣᠲᠢ ᠶᠢ ᠥᠪᠡᠷ ᠦᠨ ᠪᠡᠶ᠎ᠡ ᠪᠡᠷ ᠣᠴᠢᠵᠤ ᠬᠠᠨᠳᠢᠪᠯᠠᠵᠤ ᠪᠠᠶᠢᠵᠠᠢ ᠃

ᠰᠡᠳᠬᠢᠭᠳᠡᠯ ᠦᠯᠡᠳᠡᠭᠡᠬᠦ